ᠨᠢᠭᠡ ᠰᠡᠳᠬᠢᠯ ᠢᠶᠡᠷ ᠠᠷᠠᠳ ᠲᠦᠮᠡᠨ ᠳᠤ ᠦᠢᠯᠡᠴᠢᠯᠡᠳᠡᠭ ᠰᠢᠯᠢᠳᠡᠭ ᠬᠠᠤᠯᠢ  ᠶᠢᠨ ᠲᠤᠰᠢᠶᠠᠯᠲᠠᠨ
2012.06.12 ᠲᠣᠰ ᠥᠷᠲᠡᠭᠡᠨ ᠦ ᠨᠠᠢᠷᠠᠭᠤᠯᠤᠭᠴᠢ

ᠬᠠᠩᠭᠢᠨ ᠬᠣᠰᠢᠭᠤ ᠠᠷᠠᠳ ᠤᠨ ᠰᠢᠭᠦᠬᠦ  ᠬᠣᠷᠢᠶᠠᠨ ᠤ ᠲᠣᠭᠣᠷᠢᠨ ᠰᠢᠭᠦᠬᠦ ᠲᠢᠩᠬᠢᠮ ᠦᠨ ᠳᠠᠷᠤᠭ᠎ᠠ  ᠸᠠᠩ ᠰᠦᠨ ᠵᠦ ᠶᠢᠨ ᠲᠡᠷᠢᠭᠦᠨ ᠦ ᠦᠢᠯᠡ ᠠᠵᠢᠯᠯᠠᠭ᠎ᠠ

 

 

 

《 ᠬᠥᠮᠦᠨ ᠨᠢᠭᠡ ᠨᠠᠰᠤᠨ ᠳᠠᠭᠠᠨ ᠬᠡᠳᠦ ᠤᠳᠠᠭ᠎ᠠ ᠲᠡᠮᠡᠴᠡᠬᠦ ᠪᠢᠯᠡ》  ᠡᠨᠡ ᠦᠭᠡ ᠪᠣᠯ ᠤᠤᠯ  ᠤᠨ ᠫᠢᠩᠫᠥᠩ  ᠪᠥᠮᠪᠦᠭᠡ ᠶᠢᠨ ᠳᠡᠯᠡᠬᠡᠢ ᠶᠢᠨ ᠲᠡᠷᠢᠭᠦᠨ ᠿᠥᠩ ᠭᠦᠸᠸ ᠲᠤᠸᠠᠨ ᠤ ᠶᠡᠷᠦ ᠳ᠋ᠡᠭᠡᠨ ᠬᠡᠯᠡᠳᠡᠭ ᠵᠤᠷᠢᠭᠵᠢᠭᠤᠯᠤᠯ  ᠤᠨ ᠦᠭᠡ ᠪᠠᠢᠵᠤ᠂  ᠦᠶ᠎ᠡ ᠦᠶ᠎ᠡ ᠵᠠᠯᠠᠭᠤᠴᠤᠳ ᠤᠨ ᠡᠷᠴᠢ ᠵᠣᠷᠢᠭ  ᠢ ᠬᠥᠭᠵᠢᠭᠡᠨ ᠂ ᠡᠷᠬᠢᠮ ᠳᠡᠭᠡᠳᠦ ᠬᠦᠰᠡᠯᠡᠩ ᠦᠨ ᠲᠥᠯᠥᠭᠡ ᠂  ᠰᠠᠢᠨ ᠰᠠᠶᠢᠬᠠᠨ ᠬᠥᠮᠦᠨ ᠦ ᠠᠮᠢᠳᠤᠷᠠᠯ ᠤᠨ ᠲᠡᠦᠬᠡᠨ ᠬᠠᠭᠤᠳᠠᠰᠤ ᠶᠢ ᠪᠢᠴᠢᠭᠯᠡᠳᠡᠭ ᠪᠠᠶᠢᠨ᠎ᠠ ᠃ ᠬᠠᠩᠭᠢᠨ  ᠬᠣᠰᠢᠭᠤᠨ  ᠤ ᠠᠷᠠᠳ ᠤᠨ ᠰᠢᠭᠦᠬᠦ  ᠬᠣᠷᠢᠶᠠᠨ ᠤ ᠲᠣᠭᠣᠷᠢᠨ ᠰᠢᠭᠦᠬᠦ ᠲᠢᠩᠬᠢᠮ ᠦᠨ ᠳᠠᠷᠤᠭ᠎ᠠ  ᠸᠠᠩ ᠰᠦᠨ ᠵᠦ ᠪᠣᠯ ᠳᠠᠷᠤᠶ ᠡᠶᠢᠮᠦ ᠬᠥᠮᠦᠨ  ᠶᠤᠮ ᠂ ᠵᠥᠪᠬᠡᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ  ᠲᠠᠶ ᠵᠠᠯᠠᠭᠤ ᠂ ᠨᠤᠲᠤᠭ ᠲᠠᠭᠠᠨ ᠬᠠᠷᠢᠵᠤ ᠬᠣᠶᠠᠷ ᠵᠢᠯ ᠬᠥᠳᠡᠯᠮᠦᠷᠢᠯᠡᠭᠰᠡᠨ ᠦ ᠲᠠᠷᠠᠭ᠎ᠠ 1981᠎ ᠣᠨ ᠤ ᠨᠠᠮᠤᠷ ᠂ ᠬᠠᠩᠭᠢᠨ  ᠬᠣᠰᠢᠭᠤᠨ ᠤ ᠠᠷᠠᠳ ᠤᠨ ᠰᠢᠭᠦᠬᠦ ᠬᠣᠷᠢᠶᠠᠨ  ᠳᠤ ᠨᠢᠭᠡᠨ ᠲᠥᠷ ᠴᠠᠭ ᠤᠨ ᠠᠵᠢᠯᠴᠢᠨ  ᠢᠶᠡᠷ ᠠᠵᠢᠯᠯᠠᠪᠠ᠂ ᠬᠣᠶᠢᠰᠢᠳᠠ ᠶᠢᠨ ᠡᠳᠦᠷ ᠦᠳ ᠲᠦ ᠂ ᠲᠡᠷᠡ ᠨᠢᠭᠡᠨ ᠠᠷᠠᠳ ᠲᠦᠮᠡᠨ ᠦ  ᠰᠠᠢᠨ ᠬᠠᠤᠯᠢ ᠶᠢᠨ ᠲᠤᠰᠢᠶᠠᠯᠲᠠᠨ  ᠪᠣᠯᠬᠤ ᠪᠡᠷ  ᠰᠢᠢᠳᠴᠦ᠂ ᠰᠢᠷᠭᠠᠭᠤ ᠬᠠᠲᠠᠭᠤᠵᠢᠯᠲᠠᠶ ᠲᠡᠮᠡᠴᠡᠬᠦ ᠵᠣᠷᠢᠭ ᠰᠠᠨᠠᠭ᠎ᠠ ᠪᠠᠷ ᠠᠯᠢᠪᠠ ᠬᠦᠴᠢᠷ ᠪᠡᠷᠬᠡᠰᠢᠶᠡᠯ ᠢ ᠢᠯᠠᠨ ᠳᠠᠪᠠᠵᠤ ᠂ ᠠᠵᠢᠯ  ᠤᠨ ᠴᠢᠯᠥᠭᠡᠨ ᠳᠦ  ᠪᠡᠨ ᠪᠡᠭᠡᠵᠢᠩ ᠦᠨ ᠬᠥᠮᠦᠨ ᠰᠣᠶᠤᠯ  ᠤᠨ ᠶᠡᠬᠡ ᠰᠤᠷᠭᠠᠭᠤᠯᠢ ᠶᠢᠨ ᠵᠠᠬᠢᠳᠠᠯ ᠢᠶᠠᠷ ᠰᠤᠷᠬᠤ᠂ ᠳᠤᠮᠳᠠᠳᠤ ᠤᠯᠤᠰ ᠤᠨ ᠤᠯᠤᠰ ᠲᠦᠷᠤ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠬᠠᠤᠯᠢ ᠴᠠᠭᠠᠵᠠ ᠶᠢᠨ ᠰᠠᠯᠪᠤᠷᠢ  ᠤᠨ ᠵᠠᠬᠢᠳᠠᠯ ᠢᠶᠠᠷ ᠰᠤᠷᠭᠠᠬᠤ ᠪᠦᠬᠦ ᠤᠯᠤᠰ ᠤᠨ ᠰᠢᠭᠦᠬᠦ ᠬᠣᠷᠢᠶ᠎ᠠ ᠨᠤᠭᠤᠳ ᠤᠨ ᠬᠠᠤᠯᠢ  ᠶᠢᠨ( ᠰᠢᠭᠦᠨ ᠲᠠᠰᠤᠯᠬᠤ ) ᠲᠤᠰᠬᠠᠶ ᠮᠡᠷᠭᠡᠵᠢᠯ ᠂ ᠥᠪᠥᠷ ᠮᠣᠩᠭᠣᠯ ᠤᠨ ᠰᠢᠭᠦᠭᠴᠢ ᠳᠠᠪᠲᠠᠨ ᠪᠣᠯᠪᠠᠰᠤᠷᠠᠭᠤᠯᠬᠤ ᠳᠡᠭᠡᠳᠦ ᠰᠤᠷᠭᠠᠭᠤᠯᠢ ᠶᠢᠨ ᠰᠦᠯᠵᠢᠶᠡᠨ ᠦ ᠪᠣᠯᠪᠠᠰᠤᠷᠠᠭᠤᠯᠤᠯ ᠂ ᠵᠢᠴᠢ ᠲᠢᠩᠬᠢᠮ ᠦᠨ ᠳᠠᠷᠤᠭ᠎ᠠ ᠤᠨ ᠲᠤᠬᠠᠶᠢᠯᠠᠭᠰᠠᠨ ᠠᠵᠢᠯ  ᠤᠨ ᠪᠣᠯᠪᠠᠰᠤᠷᠠᠭᠤᠯᠤᠯ  ᠵᠡᠷᠭᠡ ᠶᠢ ᠥᠪᠡᠷᠲᠡᠭᠡᠨ ᠰᠤᠷᠴᠤ ᠡᠵᠡᠮᠰᠢᠨ᠂ ᠬᠠᠩᠭᠢᠨ  ᠬᠣᠰᠢᠭᠤᠨ ᠤ ᠠᠷᠠᠳ ᠤᠨ ᠰᠢᠭᠦᠬᠦ  ᠬᠣᠷᠢᠶᠠᠨ ᠤ ᠠᠷᠠᠴᠢᠯᠠᠭᠴᠢ ᠂ ᠲᠣᠭᠣᠭᠠᠴᠢ ᠂ ᠳᠣᠲᠣᠭᠠᠳᠤ  ᠠᠵᠢᠯ᠂ ᠵᠢᠯᠣᠭᠣᠴᠢ ᠪᠣᠯᠤᠨ ᠪᠢᠴᠢᠭᠡᠴᠢ ᠂ ᠲᠤᠰᠠᠯᠠᠨ ᠰᠢᠭᠦᠭᠴᠢ  ᠂ ᠰᠢᠭᠦᠭᠴᠢ ᠂ ᠳᠡᠳ᠋ ᠲᠢᠩᠬᠢᠮ ᠦᠨ ᠳᠠᠷᠤᠭ᠎ᠠ ᠂ ᠳᠡᠳ᠋  ᠲᠣᠪᠴᠢᠶᠠᠨ ᠳᠠᠷᠤᠭ᠎ᠠ ᠂ ᠲᠢᠩᠬᠢᠮ ᠦᠨ ᠳᠠᠷᠤᠭ᠎ᠠ  ᠶᠢ ᠠᠯᠬᠤᠮ ᠠᠯᠬᠤᠮ ᠢᠶᠠᠷ ᠡᠭᠦᠷᠭᠡᠯᠡᠵᠦ ᠢᠷᠡᠪᠡ᠃ 1986᠎ ᠣᠨ ᠠᠴᠠ ᠡᠬᠢᠯᠡᠨ ᠣᠳᠣ ᠪᠣᠯᠲᠠᠯ᠎ᠠ 20᠎ ᠭᠠᠷᠤᠶ ᠵᠢᠯ ᠳᠠᠷᠠᠭᠠᠯᠠᠨ ᠬᠠᠩᠭᠢᠨ  ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ ᠲᠡᠷᠢᠭᠦᠨ ᠦ ᠠᠵᠢᠯᠲᠠᠨ ᠪᠠ ᠰᠢᠯᠢᠳᠡᠭ ᠡᠪ ᠬᠠᠮᠲᠤ ᠨᠠᠮ ᠤᠨ ᠭᠡᠰᠢᠭᠦᠨ  ᠢᠶᠡᠷ ᠰᠣᠩᠭᠣᠭᠳᠠᠵᠤ ᠂ 1991᠎ ᠣᠨ ᠳᠤ ᠬᠣᠰᠢᠭᠤᠨ ᠤ ᠨᠠᠮ ᠤᠨ ᠬᠣᠷᠢᠶ᠎ᠠ ᠂ ᠵᠠᠰᠠᠭ ᠤᠨ ᠣᠷᠳᠣᠨ ᠪᠦᠬᠦ ᠬᠣᠰᠢᠭᠤᠨ ᠤ ᠯᠸᠢ ᠹᠸᠩ  ᠠᠴᠠ ᠰᠤᠷᠤᠯᠴᠠᠬᠤ ᠰᠢᠨ᠎ᠡ ᠬᠡᠪ ᠰᠤᠷᠲᠠᠯ ᠢ ᠪᠤᠢ  ᠪᠣᠯᠭᠠᠭᠰᠠᠨ ᠢᠳᠡᠪᠬᠢᠲᠡᠨ ᠂ 1998᠎ ᠣᠨ ᠂ 2000᠎ ᠣᠨ ᠂ 2001᠎ ᠣᠨ ᠂ 2009᠎ ᠣᠨ ᠂ 2010᠎ ᠣᠨ ᠳᠤ ᠲᠡᠭᠦᠨ ᠢ ᠬᠣᠰᠢᠭᠤᠨ ᠤ ᠨᠠᠮ ᠤᠨ ᠬᠣᠷᠢᠶ᠎ᠠ ᠂ ᠵᠠᠰᠠᠭ ᠤᠨ ᠣᠷᠳᠣᠨ ᠪᠦᠭᠦ ᠬᠣᠰᠢᠭᠤᠨ ᠤ ᠲᠡᠷᠢᠭᠦᠨ ᠦ ᠠᠵᠢᠯᠲᠠᠨ᠂ 1992᠎ ᠣᠨ  ᠂ 2001᠎ ᠣᠨ ᠂ 2004᠎ ᠣᠨ ᠳᠤ ᠲᠡᠭᠦᠨ ᠢ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠲᠤᠰ ᠲᠤᠰ ᠭᠤᠷᠪᠠᠳᠤᠭᠠᠷ ᠳᠡᠰ ᠤᠨ ᠭᠠᠪᠢᠶ᠎ᠠ ᠶᠢ ᠭᠤᠷᠪᠠ ᠤᠳᠠᠭ᠎ᠠ ᠣᠯᠭᠣᠬᠤ ᠂ 2009᠎ ᠣᠨ ᠳᠤ ᠲᠡᠭᠦᠨ ᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠥᠨᠳᠥᠷ ᠵᠡᠷᠭᠡ ᠶᠢᠨ ᠰᠢᠭᠦᠬᠦ ᠬᠣᠷᠢᠶ᠎ᠠ 《 ᠪᠦᠬᠦ ᠣᠷᠣᠨ ᠤ ᠰᠢᠯᠢᠳᠡᠭ ᠬᠠᠤᠯᠢ ᠶᠢᠨ ᠲᠤᠰᠢᠶᠠᠯᠲᠠᠨ 》᠎ ᠢᠶᠡᠷ ᠦᠨᠡᠯᠡᠪᠡ ᠃

ᠲᠥᠪ ᠭᠣᠣᠯᠴᠢ ᠰᠢᠳᠤᠷᠭᠤ ᠶᠣᠰᠣ  ᠪᠡᠷ ᠠᠷᠠᠳ ᠤᠨ ᠰᠡᠳᠬᠢᠯ ᠢ ᠳᠤᠯᠠᠭᠠᠴᠠᠭᠤᠯᠬᠤ

1999᠎ ᠣᠨ ᠳᠤ  ᠸᠠᠩ ᠰᠦᠨ ᠵᠦ  ᠂ ᠶᠡᠬᠡ ᠤᠰᠤ ᠰᠢᠭᠦᠬᠦ ᠲᠢᠩᠬᠢᠮ ᠦᠨ ᠳᠡᠳ᠋ ᠳᠠᠷᠤᠭ᠎ᠠ ᠤᠨ ᠠᠵᠢᠯ ᠤᠨ ᠪᠠᠢᠷᠢ ᠳᠤ ᠭᠠᠷᠪᠠ ᠂ ᠲᠡᠨᠳᠡ ᠣᠴᠢᠨ ᠡᠭᠦᠷᠭᠡ ᠬᠠᠷᠢᠭᠤᠴᠠᠭᠰᠠᠨ ᠤ ᠳᠠᠷᠠᠭᠠᠬᠢ ᠭᠤᠷᠪᠠᠳᠠᠬᠢ ᠡᠳᠦᠷ ᠠᠯᠪᠠᠨ ᠭᠡᠷ ᠲᠤ ᠨᠢ ᠨᠢᠭᠡᠨ ᠨᠠᠰᠤᠲᠠᠨ ᠢᠷᠢᠵᠦ ᠸᠠᠩ ᠰᠦᠨ ᠵᠦ ᠶᠢ ᠦᠵᠡᠮᠡᠭᠴᠡ ᠲᠦᠰᠬᠢᠲᠡᠯ᠎ᠡ ᠰᠥᠭᠦᠳᠦᠨ ᠄ 《 ᠪᠢ ᠨᠢᠭᠡᠨᠲᠡ ᠶᠠᠪᠤᠬᠤ ᠪᠡᠨ ᠣᠢᠷᠠᠲᠤᠭᠰᠠᠨ ᠬᠥᠮᠦᠨ᠂ ᠬᠣᠶᠠᠷ ᠵᠢᠯ ᠤᠨ ᠡᠮᠦᠨ᠎ᠡ ᠨᠢᠭᠡᠨᠲᠡ ᠰᠢᠭᠦᠵᠦ ᠳᠠᠭᠤᠰᠬᠠᠭᠰᠠᠨ ᠬᠡᠷᠡᠭ ᠢ ᠤᠳᠤ ᠪᠣᠯᠲᠠᠯ᠎ᠠ  ᠭᠦᠢᠴᠡᠳᠬᠡᠭᠰᠡᠨ ᠦᠭᠡᠢ 》᠎ ᠭᠡᠪᠡ  ᠃ ᠬᠣᠶᠠᠷ ᠵᠢᠯ  ᠤᠨ ᠲᠤᠷᠰᠢ ᠲᠡᠷᠡ ᠭᠠᠵᠠᠷ ᠪᠣᠯᠭᠠᠨ ᠳᠤ ᠬᠦᠷᠴᠦ ᠳᠡᠭᠡᠭᠰᠢ ᠰᠤᠷᠪᠤᠯᠵᠢᠯᠠᠭᠰᠠᠨ  ᠳᠤ᠂ ᠰᠢᠢᠳᠪᠦᠷᠢᠯᠡᠵᠦ ᠥᠭᠭᠦᠭᠰᠡᠨ ᠬᠥᠮᠦᠨ ᠨᠢᠭᠡ ᠴᠦ ᠦᠭᠡᠢ ᠪᠠᠢᠯ᠎ᠠ ᠃ ᠨᠠᠰᠤᠲᠠᠨ  ᠸᠠᠩ ᠰᠦᠨ ᠵᠦ  ᠳᠤ ᠄ 《 ᠥᠨᠥᠳᠦᠷ ᠪᠢ  ᠲᠠᠨ ᠢ ᠡᠷᠢᠵᠦ ᠢᠡᠭᠰᠡᠨ ᠨᠢ᠂ ᠴᠢ ᠴᠣᠬᠤᠮ ᠠᠷᠠᠳ ᠲᠦᠮᠡᠨ ᠳᠤ ᠠᠵᠢᠯ  ᠬᠢᠳᠡᠭ ᠡᠰᠡᠭᠦ᠂ ᠠᠷᠠᠳ ᠲᠦᠮᠡᠨ ᠤ  ᠰᠠᠢᠨ ᠬᠠᠤᠯᠢᠴᠢ ᠮᠥᠨ ᠡᠰᠡᠬᠦ᠂  ᠡᠨᠡ ᠨᠡᠢᠭᠡᠮ ᠳᠤ ᠶᠣᠰᠤ ᠤᠴᠢᠷ ᠪᠠᠢᠳᠠᠭ ᠡᠰᠡᠬᠦ ᠶᠢ ᠯᠠᠪᠯᠠᠬᠤ  ᠭᠡᠰᠡᠨ》᠎ ᠭᠡᠪᠡ᠃

 ᠨᠠᠰᠤᠲᠠᠨ ᠶᠠᠪᠤᠭᠰᠠᠨ ᠤ ᠳᠠᠷᠠᠭ᠎ᠠ ᠂  ᠸᠠᠩ ᠰᠦᠨ ᠵᠦ  ᠳᠣᠲᠣᠷ᠎ᠠ ᠨᠢ ᠬᠡᠰᠡᠭ ᠬᠡᠰᠡᠭ ᠡᠮᠵᠢᠭᠯᠡᠨ ᠂ ᠲᠡᠷᠡ ᠳᠠᠷᠤᠶ ᠳᠤᠨᠢ ᠡᠪᠬᠡᠮᠡᠯ ᠦᠨ ᠠᠪᠳᠠᠷ᠎ᠠ ᠳᠣᠲᠣᠷ᠎ᠠ  ᠡᠴᠡ ᠬᠡᠷᠡᠭ ᠦᠨ ᠡᠪᠬᠡᠮᠡᠯ ᠢ ᠡᠷᠢᠵᠦ ᠂ ᠨᠠᠷᠢᠨ ᠨᠢᠮᠪᠠᠶ ᠯᠠᠪᠯᠠᠨ ᠦᠵᠡᠬᠦ  ᠪᠡᠷ ᠳᠠᠮᠵᠢᠨ ᠲᠤᠰ ᠵᠢᠭᠤᠷᠤᠯᠳᠤᠭᠠᠨ ᠪᠣᠯ ᠨᠢᠭᠡᠨ ᠵᠣᠭᠣᠰ ᠵᠢᠭᠡᠯᠡᠭᠰᠡᠨ ᠡᠴᠡ ᠪᠣᠯᠤᠭᠰᠠᠨ ᠵᠢᠭᠤᠷᠠᠯᠳᠤᠭᠠᠨ ᠪᠠᠢᠵᠤ ᠂ ᠤᠳᠤ ᠪᠣᠯᠲᠠᠯ᠎ᠠ ᠭᠦᠢᠴᠡᠳᠬᠡᠭᠰᠡᠨ ᠦᠭᠡᠢ ᠶᠢ ᠣᠯᠵᠤ ᠮᠡᠳᠡᠪᠡ ᠃ ᠢᠩᠭᠢᠭᠡᠳ  ᠸᠠᠩ ᠰᠦᠨ ᠵᠦ  ᠲᠤᠰ ᠬᠡᠷᠡᠭ ᠢ ᠭᠠᠷᠳᠠᠨ  ᠪᠠᠢᠴᠠᠭᠠᠵᠤ ᠂ ᠤᠤᠯ ᠨᠢ ᠲᠣᠰ ᠬᠡᠷᠡᠭ ᠤᠴᠢᠷ ᠶᠡᠷᠦ ᠨᠢ  ᠰᠢᠢᠳᠪᠦᠷᠢᠯᠡᠵᠦ ᠳᠠᠢᠯᠬᠦ  ᠦᠭᠡᠢ ᠪᠠᠢᠭᠰᠠᠨ ᠰᠢᠯᠲᠠᠭᠠᠨ ᠨᠢ᠂ ᠵᠠᠭᠠᠯᠳᠤᠭᠳᠠᠭᠴᠢ ᠷᠧᠨ ᠣᠪᠣᠭᠲᠤ  ᠶᠢᠨ ᠬᠦᠷᠭᠡᠨ ᠠᠬ᠎ᠠ ᠨᠢ ᠲᠡᠷᠡ ᠦᠢ᠎ᠡ ᠳᠦ ᠪᠠᠯᠭᠠᠰᠤᠨ ᠤ ᠤᠳᠤᠷᠢᠳᠤᠯᠭ᠎ᠠ ᠪᠠᠢᠵᠤ᠂ ᠮᠠᠭᠤᠳᠠᠯᠴᠠᠬᠤ ᠳᠤᠷᠠᠲᠠᠢ ᠬᠥᠮᠦᠨ ᠦᠭᠡᠢ ᠪᠠᠢᠯ᠎ᠠ᠂  ᠸᠠᠩ ᠰᠦᠨ ᠵᠦ  ᠭᠠᠵᠢᠭᠤ ᠪᠤᠷᠤᠭᠤ ᠶᠢ  ᠢᠲᠡᠭᠡᠳᠡᠭ ᠦᠭᠡᠢ ᠪᠠᠢᠵᠤ ᠂  ᠬᠡᠷᠡᠭ ᠢ ᠭᠦᠢᠴᠡᠳ ᠪᠠᠢᠴᠠᠭᠠᠨ ᠡᠵᠡᠮᠰᠢᠵᠦ᠂ ᠥᠪᠡᠷ ᠤᠨ ᠪᠡᠶ᠎ᠡ ᠪᠡᠷ ᠢᠶᠡᠨ ᠭᠦᠢᠴᠡᠳᠬᠡᠭᠦᠯᠬᠦ ᠮᠡᠳᠡᠭᠳᠡᠯ ᠦᠨ ᠪᠢᠴᠢᠭ ᠢ ᠬᠦᠷᠭᠡᠵᠦ ᠳᠠᠷᠠᠭ᠎ᠠ ᠡᠳᠦᠷ ᠨᠢ ᠭᠦᠢᠴᠡᠳᠬᠡᠬᠦ ᠮᠡᠳᠡᠭᠳᠡᠯ ᠦᠨ ᠪᠢᠴᠢᠭ ᠲᠦ ᠵᠢᠭᠠᠨ ᠲᠣᠭᠲᠠᠭᠠᠭᠰᠠᠨ ᠭᠦᠢᠴᠡᠳᠬᠡᠬᠦ ᠡᠭᠦᠷᠭᠡ  ᠪᠡᠨ ᠭᠦᠢᠴᠡᠳᠬᠡᠬᠦ ᠬᠡᠷᠡᠭᠲᠠᠢ ᠭᠡᠪᠡ᠂ ᠭᠡᠪᠡᠴᠦ ᠲᠠᠷᠠᠭ᠎ᠠ ᠡᠳᠦᠷ ᠨᠢ ᠵᠠᠭᠠᠯᠳᠤᠭᠳᠠᠭᠴᠢ  ᠵᠣᠷᠢᠭᠤᠳᠠ ᠵᠠᠢᠯᠠᠨ ᠭᠠᠳᠠᠭᠰᠢ ᠭᠠᠷᠴᠤ ᠂ ᠲᠡᠭᠦᠨ ᠦ ᠡᠬᠡᠨᠡᠷ ᠨᠢ ᠪᠠᠰᠠ ᠥᠮᠥᠭᠯᠡᠵᠦ ᠂ ᠰᠤᠷᠠᠭ ᠴᠢᠮᠡᠭᠡ ᠶᠢ ᠨᠢ ᠬᠠᠩᠭᠠᠬᠤ ᠦᠭᠡᠢ ᠪᠠᠢᠵᠤ ᠂ ᠬᠠᠷᠢᠯᠴᠠᠬᠤ ᠠᠷᠭ᠎ᠠ ᠮᠠᠶ᠋ᠢᠭ  ᠢ ᠨᠢ ᠴᠤ ᠬᠡᠯᠡᠵᠦ ᠥᠭᠬᠦ ᠦᠭᠡᠶ  ᠪᠠᠢᠪᠠ᠃  ᠸᠠᠩ ᠰᠦᠨ ᠵᠦ  ᠵᠠᠭᠠᠯᠳᠤᠭᠳᠠᠭᠴᠢ ᠷᠧᠨ ᠣᠪᠣᠭᠲᠤ  ᠪᠠᠯᠭᠠᠰᠤᠨ ᠳᠡᠭᠡᠷ᠎ᠡ ᠶᠡᠬᠡ  ᠰᠢᠭ᠋ ᠬᠡᠳᠦ ᠳᠡᠯᠭᠡᠭᠦᠷ  ᠡᠷᠬᠢᠯᠡᠵᠦ ᠪᠠᠢᠭ᠎ᠠ  ᠶᠢ ᠣᠯᠵᠤ ᠮᠡᠳᠡᠭᠡᠳ᠂ ᠳᠠᠷᠤᠶ ᠲᠡᠷᠡ ᠳᠠᠷᠤᠶ ᠳᠤᠨᠢ ᠡᠷᠡᠰ ᠰᠢᠢᠳᠪᠦᠷᠢ ᠠᠪᠴᠤ᠂ ᠢᠷᠭᠡᠨ ᠦ ᠬᠡᠷᠡᠭ ᠦᠨ ᠲᠣᠭᠲᠠᠭᠠᠯᠲᠠ ᠶᠢᠨ ᠪᠢᠴᠢᠭ  ᠭᠠᠷᠭᠠᠵᠤ ᠵᠠᠭᠠᠯᠳᠤᠭᠳᠠᠭᠴᠢ  ᠶᠢᠨ ᠬᠡᠳᠦ ᠳᠡᠯᠭᠡᠭᠦᠷ  ᠤᠨ ᠪᠠᠷᠠᠭ᠎ᠠ ᠶᠢ ᠨᠢ ᠪᠢᠲᠡᠭᠦᠮᠵᠢᠯᠡᠨ ᠂ ᠲᠣᠭᠠᠯᠠᠨ ᠪᠦᠷᠢᠳᠬᠡᠵᠦ  ᠲᠡᠷᠭᠡᠨ ᠳᠤ ᠠᠴᠢᠶᠠᠯᠠᠬᠤ ᠦᠶ᠎ᠡ ᠳᠦ ᠂ ᠵᠠᠭᠠᠯᠳᠤᠭᠳᠠᠭᠴᠢ ᠪᠡᠶ᠎ᠡ ᠳᠠᠯᠳᠠᠯᠠᠵᠤ ᠪᠠᠶᠢᠭᠰᠠᠨ ᠭᠡᠷ ᠳᠣᠲᠣᠷ᠎ᠠ  ᠡᠴᠡ ᠭᠠᠷᠴᠤ  ᠢᠷᠡᠨ  ᠬᠡᠷᠡᠭ ᠲᠤ ᠬᠣᠯᠪᠤᠭᠳᠠᠭᠰᠠᠨ ᠪᠦᠬᠦ ᠵᠣᠭᠤᠰ ᠪᠡᠨ ᠲᠤᠰᠢᠶᠠᠨ ᠭᠦᠢᠴᠡᠳᠬᠡᠭᠰᠡᠨ ᠪᠠᠢᠨ᠎ᠠ ᠃ ᠡᠨᠡ ᠦᠶᠡᠰ ᠨᠠᠰᠤᠲᠠᠨ ᠤ ᠴᠢᠷᠠᠶ ᠳᠡᠭᠡᠷ᠎ᠡ  ᠲᠠᠬᠢᠨ ᠢᠨᠢᠶᠡᠮᠰᠦᠭᠯᠡᠯ  ᠲᠤᠳᠤᠷᠠᠪᠠ᠂ ᠲᠡᠷᠡ ᠮᠠᠰᠢ ᠶᠡᠬᠡ ᠪᠠᠶᠠᠷᠯᠠᠵᠤ ᠬᠥᠮᠦᠨ ᠦᠵᠡᠮᠡᠭᠴᠡ  ᠰᠠᠢᠰᠢᠶᠠᠵᠤ᠂ ᠰᠢᠭᠦᠬᠦ ᠲᠢᠩᠬᠢᠮ ᠳᠤ ᠨᠢᠭᠡ ᠸᠠᠩ ᠴᠢᠩ ᠲᠢᠶᠠᠨ  ᠢᠷᠡᠪᠡ᠂  ᠮᠢᠨᠦ ᠬᠣᠶᠠᠷ ᠵᠢᠯ ᠦᠨ ᠬᠡᠷᠡᠭ ᠢ ᠭᠤᠷᠪᠠᠨ ᠡᠳᠦᠷ ᠲᠤ ᠭᠦᠢᠴᠡᠳᠬᠡᠬᠦ ᠵᠣᠭᠣᠰ ᠢ ᠪᠤᠴᠠᠭᠠᠯᠭᠠᠪᠠ ᠭᠡᠳᠡᠭ ᠃

2001᠎ ᠣᠨ ᠳᠤ  ᠸᠠᠩ ᠰᠦᠨ ᠵᠦ  ᠰᠢᠭᠦᠬᠦ ᠬᠣᠷᠢᠶᠠᠨ ᠤ ᠭᠦᠢᠴᠡᠳᠬᠡᠬᠦ ᠲᠣᠪᠴᠢᠶᠠᠨ ᠤ ᠳᠡᠳ᠋ ᠲᠣᠪᠴᠢᠶᠠᠨ ᠳᠠᠷᠤᠭ᠎ᠠ  ᠪᠡᠷ ᠰᠢᠯᠵᠢᠪᠡ᠃ ᠨᠢᠭᠡ ᠤᠳᠠᠭ᠎ᠠ ᠪᠠᠯᠭᠤᠨ᠎ᠠ ᠪᠠᠯᠭᠠᠰᠤ   ᠤᠨ ᠨᠢᠭᠡ ᠺᠣᠮᠫᠠᠨᠢ ᠠᠴᠠ  ᠨᠢᠭᠡᠨ ᠬᠥᠮᠦᠨ  ᠢ  ᠵᠠᠭᠠᠯᠳᠤᠭᠰᠠᠨ ᠡᠳ᠋ ᠬᠥᠷᠦᠩᠭᠡ ᠶᠢ  ᠬᠤᠬᠢᠷᠠᠭᠤᠯᠤᠭᠰᠠᠨ ᠲᠥᠯᠥᠪᠦᠷᠢ ᠶᠢᠨ ᠬᠡᠷᠡᠭ ᠦᠨ  ᠲᠤᠬᠠᠢ ᠭᠦᠢᠴᠡᠳᠬᠡᠬᠦ ᠦᠶ᠎ᠡ ᠳᠦ ᠂ ᠭᠦᠢᠴᠡᠳᠬᠡᠭᠳᠡᠬᠦ ᠬᠥᠮᠦᠨ ᠨᠢ ᠲᠥᠯᠥᠪᠦᠷᠢ  ᠡᠴᠡ ᠵᠠᠶᠢᠯᠠᠵᠤ ᠂ ᠵᠢᠯ ᠦᠨ ᠳᠥᠷᠪᠡᠨ ᠤᠯᠠᠷᠢᠯ ᠳᠤ ᠭᠡᠷ ᠲᠡᠬᠡᠨ ᠰᠠᠭᠤᠬᠤ ᠦᠭᠡᠢ ᠪᠠᠢᠵᠤ ᠂ ᠭᠦᠢᠴᠡᠳᠬᠡᠬᠦ ᠲᠣᠪᠴᠢᠶᠠᠨ  ᠡᠴᠡ ᠭᠡᠷ ᠪᠦᠯᠢ  ᠶᠢᠨ ᠬᠢᠨ ᠳᠦ ᠭᠦᠢᠴᠡᠳᠬᠡᠬᠦ ᠮᠡᠳᠡᠭᠳᠡᠯ ᠦᠨ ᠪᠢᠴᠢᠭ ᠢ ᠬᠦᠷᠭᠡᠵᠦ ᠥᠭᠭᠦᠭᠰᠡᠨ ᠴᠦ ᠭᠠᠷ ᠤᠨ ᠦᠰᠦᠭ ᠵᠢᠷᠤᠵᠤ  ᠬᠦᠯᠢᠶᠡᠨ ᠠᠪᠬᠤ ᠶᠢ ᠲᠡᠪᠴᠢᠭᠰᠡᠨ  ᠪᠠᠢᠯ᠎ᠠ᠃   ᠬᠦᠬᠡᠬᠡ ᠰᠠᠷ᠎ᠠ ᠶᠢᠨ27᠎ ᠤ ᠰᠥᠨᠢ ᠭᠦᠢᠴᠡᠳᠬᠡᠭᠳᠡᠭᠴᠢ ᠭᠡᠷ ᠲᠤ ᠪᠡᠨ  ᠬᠠᠷᠢᠵᠦ ᠢᠷᠡᠭᠰᠡᠨ ᠢ  ᠸᠠᠩ ᠰᠦᠨ ᠵᠦ  ᠮᠡᠳᠡᠭᠰᠡᠨ ᠦ ᠳᠠᠷᠠᠭ᠎ᠠ ᠂ ᠵᠢᠪᠳᠡᠷᠡᠭᠡ ᠭᠠᠷᠬᠤ  ᠶᠢ ᠰᠡᠷᠭᠡᠶᠢᠯᠡᠬᠦ ᠶᠢᠨ ᠲᠥᠯᠥᠭᠡ ᠂ ᠭᠠᠳᠠᠨ᠎ᠠ ᠴᠠᠰᠤ ᠣᠷᠣᠵᠤ ᠪᠠᠢᠭ᠎ᠠ ᠶᠢ ᠬᠠᠢᠬᠤᠷᠤᠯ ᠦᠭᠡᠢ ᠪᠡᠷ ᠂ ᠭᠤᠷᠪᠠᠨ ᠭᠦᠢᠴᠡᠳᠬᠡᠭᠴᠢ  ᠢ ᠳᠠᠭᠠᠭᠤᠯᠵᠤ ᠲᠡᠷᠭᠡ ᠵᠢᠯᠤᠭᠤᠳᠤᠨ 200᠎ ᠭᠠᠷᠤᠶ ᠺᠢᠯᠣᠮᠧᠲ᠋ᠷ ᠶᠠᠪᠤᠵᠤ᠂ ᠳᠠᠷᠠᠭ᠎ᠠ ᠡᠳᠦᠷ ᠦᠨ ᠬᠢᠨᠢ ᠥᠷᠯᠥᠭᠡ ᠡᠷᠲᠡ ᠭᠦᠢᠴᠡᠳᠬᠡᠭᠳᠡᠭᠴᠢ ᠶᠢᠨ ᠭᠡᠷ ᠲᠦ  ᠬᠦᠷᠬᠦ ᠳᠤ ᠂ ᠭᠦᠢᠴᠡᠳᠬᠡᠭᠳᠡᠭᠴᠢ ᠵᠢᠴᠢ ᠭᠡᠷ ᠪᠦᠯᠢ ᠶᠢᠨ ᠬᠢᠨ ᠰᠡᠷᠡᠭᠡᠳᠦᠢ ᠪᠠᠢᠵᠤ ᠂ ᠭᠦᠢᠴᠡᠳᠬᠡᠬᠦ ᠠᠵᠢᠯᠲᠠᠨ ᠴᠣᠩᠬᠤ  ᠶᠢ ᠨᠢ  ᠲᠣᠭᠰᠢᠵᠤ ᠰᠡᠷᠢᠭᠡᠭᠭᠡᠳ ᠡᠭᠦᠳᠡᠨ ᠳᠡᠭᠡᠷ᠎ᠡ  ᠨᠢ  ᠬᠦᠯᠢᠶᠡᠪᠡ ᠃ ᠭᠦᠢᠴᠡᠳᠬᠡᠭᠳᠡᠭᠴᠢ  ᠶᠢᠨ ᠡᠬᠡᠨᠡᠷ  ᠬᠠᠷᠢᠶᠠᠯ ᠵᠦᠬᠡᠯ ᠲᠠᠯᠪᠢᠵᠤ ᠰᠢᠭᠡᠰᠦᠨ ᠰᠠᠪᠠ ᠪᠡᠨ ᠠᠳᠬᠤᠭᠰᠠᠭᠠᠷ ᠨᠢᠭᠡᠳᠦᠭᠡᠷ  ᠲᠤ ᠭᠡᠷ  ᠭᠠᠷᠴᠤ ᠢᠷᠡᠨ 《 ᠵᠣᠭᠣᠰ ᠠᠪᠬᠤ ᠭᠡᠪᠡᠯ ᠵᠣᠭᠣᠰ ᠦᠭᠡᠢ ᠂ ᠠᠮᠢ ᠶᠢ ᠠᠪᠤᠪᠠᠯ ᠨᠢᠭᠡ  ᠪᠠᠢᠨ᠎ᠠ᠃》᠎ ᠭᠡᠬᠦ  ᠶᠢᠨ ᠬᠠᠮᠲᠤ 2᠎ ᠮᠧᠲ᠋ᠷ ᠰᠢᠬᠠᠮ ᠥᠨᠳᠥᠷ   ᠬᠡᠷᠡᠮ ᠳᠡᠭᠡᠭᠦᠷ ᠰᠢᠭᠡᠰᠦ  ᠪᠡᠨ ᠭᠠᠳᠠᠭᠰᠢ  ᠰᠠᠴᠤᠬᠤ ᠳᠤ ᠂ ᠬᠡᠳᠦᠨ ᠭᠦᠢᠴᠡᠳᠬᠡᠭᠴᠢ  ᠴᠥᠮ ᠨᠢᠭᠡ ᠪᠡᠶ᠎ᠡ ᠰᠢᠭᠡᠰᠦ ᠪᠣᠯᠪᠠ ᠃  ᠸᠠᠩ ᠰᠦᠨ ᠵᠦ  ᠲᠡᠷᠡ ᠳᠠᠷᠤᠶ ᠳᠤᠨᠢ ᠵᠠᠷᠯᠢᠭ ᠪᠠᠭᠤᠯᠭᠠᠨ ᠳᠠᠭᠠᠷᠢᠨ ᠣᠷᠣᠵᠤ ᠂ ᠭᠦᠢᠴᠡᠳᠬᠡᠭᠳᠡᠭᠴᠢ  ᠢ  ᠲᠦᠷ  ᠬᠣᠷᠢᠨ ᠠᠪᠴᠤ ᠶᠠᠪᠤᠬᠤ ᠦᠶ᠎ᠡ ᠳᠦ  ᠭᠦᠢᠴᠡᠳᠬᠡᠭᠳᠡᠭᠴᠢ ᠶᠢᠨ ᠡᠬᠡᠨᠡᠷ  ᠴᠢᠷᠯᠠᠨ《 ᠲᠠ ᠨᠠᠷ ᠲᠤ  ᠵᠣᠭᠤᠰ ᠢ  ᠴᠢᠨᠢ ᠣᠳᠣ ᠪᠡᠷ ᠢᠶᠡᠨ ᠦᠭᠭᠦᠶ᠎ᠠ᠂ ᠪᠢ ᠪᠤᠷᠤᠭᠤ ᠪᠣᠯᠤᠯ᠎ᠠ ᠃  ᠲᠠ ᠨᠠᠷ ᠡᠷ᠎ᠡ ᠨᠥ᠋ᠬᠦᠷ ᠢ  ᠠᠪᠴᠤ  ᠶᠠᠪᠤᠴᠢᠬᠠᠭᠠᠳ ᠡᠨᠡ ᠵᠢᠯ  ᠶᠢ ᠪᠢ ᠶᠠᠭᠠᠬᠢᠵᠤ ᠥᠩᠭᠡᠷᠡᠭᠦᠯᠬᠦ ᠪᠤᠢ︖》᠎ ᠭᠡᠪᠡ᠃  ᠸᠠᠩ ᠰᠦᠨ ᠵᠦ  ᠲᠡᠭᠦᠨ ᠦ ᠲᠥᠪ ᠴᠢᠩᠭ᠎ᠠ ᠪᠠᠷ ᠰᠢᠭᠦᠮᠵᠢᠯᠡᠨ ᠰᠤᠷᠭᠠᠨ  ᠬᠥᠮᠦᠵᠢᠭᠦᠯᠦᠭᠰᠡᠨ  ᠤ ᠳᠠᠷᠠᠭ᠎ᠠ ᠂ ᠲᠦᠷ  ᠬᠣᠷᠢᠭᠰᠠᠨ ᠢ ᠨᠢ ᠤᠷᠢᠳᠴᠢᠯᠠᠨ ᠰᠤᠯᠠᠯᠠᠪᠠ ᠃

2008᠎ ᠣᠨ ᠳᠤ  ᠸᠠᠩ ᠰᠦᠨ ᠵᠦ  ᠭᠦᠢᠴᠡᠳᠬᠡᠬᠦ ᠲᠣᠪᠴᠢᠶᠠᠨ ᠤ ᠲᠣᠪᠴᠢᠶᠠᠨ ᠳᠠᠷᠤᠭ᠎ᠠ  ᠶᠢᠨ ᠲᠤᠰᠢᠶᠠᠯ ᠢ ᠡᠭᠦᠷᠭᠡᠯᠡᠪᠡ᠃  ᠡᠨᠡ ᠦᠶ᠎ᠡ ᠳᠦ ᠶᠠᠭ  ᠰᠠᠢᠬᠠᠨ ᠪᠦᠬᠦ ᠤᠯᠤᠰ ᠤᠨ ᠰᠢᠭᠦᠬᠦ ᠬᠣᠷᠢᠶ᠎ᠠ ᠳᠠᠷᠤᠭᠳᠠᠮᠠᠯ ᠬᠡᠷᠡᠭ ᠢ ᠲᠥᠪᠯᠡᠷᠡᠭᠦᠯᠦᠨ ᠢᠯᠭᠠᠷᠠᠭᠤᠯᠵᠤ ᠭᠦᠢᠴᠡᠳᠬᠡᠬᠦ  ᠲᠠᠢ ᠳᠠᠪᠬᠤᠴᠠᠵᠤ᠂  ᠸᠠᠩ ᠰᠦᠨ ᠵᠦ   ᠪᠦᠬᠦ ᠭᠦᠢᠴᠡᠳᠬᠡᠬᠦ ᠲᠣᠪᠴᠢᠶᠠᠨ ᠤ ᠭᠦᠢᠴᠡᠳᠬᠡᠬᠦ ᠠᠵᠢᠯᠲᠠᠨ ᠢ  ᠲᠠᠢᠴᠢᠯᠠᠨ ᠠᠷᠪᠠᠨ ᠬᠡᠳᠦᠨ ᠵᠢᠯ ᠦᠨ  ᠡᠮᠦᠨᠡᠬᠢ  ᠭᠦᠢᠴᠡᠳᠬᠡᠵᠦ ᠳᠠᠭᠤᠰᠤᠭᠰᠠᠨ ᠦᠭᠡᠢ ᠬᠡᠷᠡᠭ  ᠢ ᠨᠢᠭᠡᠳᠦᠯᠲᠡᠶ ᠲᠡᠮᠳᠡᠭᠯᠡᠨ  ᠳᠠᠩᠰᠠᠯᠠᠵᠤ ᠂ ᠬᠢᠯᠪᠠᠷ ᠠᠴᠠ ᠪᠠᠨ ᠬᠦᠴᠢᠷ ᠲᠦᠪᠡᠭᠲᠡᠶ  ᠤᠷᠤᠭᠤ ᠲᠥᠷᠥᠯ ᠬᠤᠪᠢᠶᠠᠨ ᠳ᠋ᠤᠭᠠᠷᠯᠠᠵᠤ ᠂ ᠭᠦᠢᠴᠡᠳᠬᠡᠭᠴᠢ ᠨᠢᠭᠡᠪᠦᠷᠢ  ᠳᠤ ᠬᠤᠪᠢᠶᠠᠷᠯᠠᠭᠠᠳ ᠂ ᠪᠤᠢ ᠪᠦᠬᠦᠢ ᠬᠦᠴᠢᠷ ᠪᠤᠳᠤᠯᠢᠶᠠᠨᠲᠠᠶ ᠬᠡᠷᠡᠭ ᠢ ᠴᠥᠮ ᠥᠪᠡᠷ ᠦᠨ ᠪᠡᠶ᠎ᠡ ᠳᠡᠭᠡᠨ ᠬᠦᠯᠢᠶᠡᠨ ᠠᠪᠤᠪᠠ ᠃ ᠬᠡᠷᠡᠭ ᠢ ᠭᠦᠢᠴᠡᠳᠬᠡᠬᠦ ᠦᠶ᠎ᠡ ᠳᠦ ᠂ ᠲᠡᠷᠡ ᠹᠠᠩ ᠣᠪᠣᠭᠲᠤ ᠶᠢᠨ ᠬᠠᠳᠠᠭᠠᠯᠠᠮᠵᠢ ᠶᠢᠨ ᠳᠠᠩᠰᠠᠨ ᠴᠡᠪᠳᠡᠭᠯᠡᠪᠡ ᠂  ᠨᠢᠭᠡ ᠡᠳᠦᠷ ᠲᠡᠷᠡ   ᠡᠭᠡᠯᠵᠢ ᠨᠡᠮᠡᠨ  ᠠᠵᠢᠯᠯᠠᠭᠠᠳ ᠲᠣᠩ ᠣᠷᠣᠶ ᠭᠡᠷ ᠲᠡᠬᠡᠨ ᠬᠠᠷᠢᠭᠰᠠᠨ ᠤ ᠰᠡᠭᠦᠯᠡᠷ ᠂  ᠠᠮᠠᠷᠠᠶ᠎ᠠ ᠭᠡᠵᠦ ᠪᠠᠢᠲᠠᠯ᠎ᠠ ᠤᠲᠠᠰᠤ ᠨᠢ ᠬᠠᠩᠬᠢᠨᠠᠪᠠ᠃  ᠤᠲᠠᠰᠤ ᠪᠡᠨ ᠲᠤᠰᠬᠤ ᠳᠤ ᠄ 《 ᠴᠢ ᠸᠠᠩ ᠰᠦᠨ ᠵᠦ   ᠮᠥᠨ  ᠤᠤ ︖ᠮᠢᠨᠦ ᠬᠠᠳᠠᠭᠠᠯᠠᠮᠵᠢ ᠶᠢᠨ ᠳᠠᠩᠰᠠᠨ ᠢ ᠴᠢ  ᠴᠡᠪᠳᠡᠭᠯᠡᠭᠰᠡᠨ ᠤᠤ︖ 》᠎  ᠭᠡᠬᠦ ᠳᠤ ᠸᠠᠩ ᠰᠦᠨ ᠵᠦ  ᠄ 《 ᠲᠡᠢᠮᠦ 》᠎ ᠭᠡᠪᠡ ᠃ ᠨᠥᠭᠦᠬᠡ  ᠡᠲᠡᠭᠡᠳ  ᠨᠢ ᠵᠢᠪᠡᠭᠦᠨ ᠳᠠᠭᠤᠨ ᠢᠶᠠᠷ ᠄ 《 ᠲᠡᠭᠡᠪᠡᠯ ᠴᠢ  ᠹᠠᠩ ᠡᠪᠦᠭᠡ ᠶᠢᠨ  ᠢᠶᠡᠨ ᠬᠡᠴᠡᠭᠦᠦ  ᠶᠢ ᠮᠡᠳᠡᠵᠦ ᠪᠠᠢᠬᠤ ᠂ ᠴᠢ ᠮᠠᠷᠭᠠᠰᠢ ᠴᠡᠪᠳᠡᠭᠯᠡᠭᠰᠡᠨ ᠪᠠᠯᠠ ᠬᠦᠷᠦᠩᠬᠡ ᠶᠢ  ᠲᠠᠢᠯᠬᠤ ᠬᠡᠷᠡᠭᠲᠠᠢ ᠂ ᠡᠰᠡ ᠲᠡᠭᠡᠪᠡᠯ ᠡᠪᠦᠭᠡ ᠴᠢᠨᠢ  ᠠᠮᠢ ᠢ ᠴᠢᠨᠢ ᠠᠪᠤᠨ᠎ᠠ 》᠎ ᠭᠡᠳ ᠤᠲᠠᠰᠤ ᠪᠡᠨ ᠳᠠᠷᠤᠪᠠ᠃《 ᠡᠨᠡ ᠨᠢ ᠲᠤᠬᠠᠶ ᠶᠢᠨ ᠬᠥᠮᠦᠨ ᠥᠪᠡᠷ ᠦᠨ ᠪᠡᠶ᠎ᠡ ᠳᠤ ᠨᠢ 《 ᠦᠬᠦᠯ ᠦᠨ ᠪᠢᠴᠢᠭ 》᠎ ᠥᠭᠴᠦ ᠪᠠᠢᠭ᠎ᠠ ᠨᠢ ᠲᠣᠳᠤᠷᠬᠠᠢ᠂ ᠬᠡᠷᠪᠡ ᠪᠢ ᠲᠠᠶᠢᠯᠵᠤ  ᠥᠭᠪᠡᠯ ᠂ ᠲᠡᠳᠡᠭᠡᠷ ᠬᠠᠤᠯᠢ ᠪᠤᠰᠤ ᠡᠲᠡᠭᠡᠳ ᠨᠠᠳᠠ ᠶᠢ ᠂ ᠰᠥᠰᠥ ᠦᠭᠡᠢ ᠠᠮᠢᠳᠡᠨ᠂ ᠦᠬᠦᠯ ᠡᠴᠡ ᠡᠮᠢᠶᠡᠭᠰᠡᠨ ᠮᠤᠨᠤᠭ ᠭᠡᠵᠦ ᠪᠤᠳᠤᠬᠤ ᠮᠠᠭᠠᠳ 》᠎ ᠃ ᠳᠠᠷᠠᠭ᠎ᠠ ᠡᠳᠦᠷ ᠨᠢ  ᠸᠠᠩ ᠰᠦᠨ ᠵᠦ ᠠᠵᠢᠯ ᠳᠠᠭᠠᠨ ᠭᠠᠷᠤᠮᠠᠭᠴᠠ  ᠹᠠᠩ  ᠤᠪᠤᠭᠲᠤ ᠶᠢᠨ ᠬᠠᠳᠠᠭᠠᠯᠠᠮᠵᠢ ᠶᠢ ᠬᠤᠷᠢᠶᠠᠮᠵᠢᠯᠠᠨ ᠠᠪᠴᠤ᠂  ᠭᠤᠶᠤᠴᠢᠯᠠᠭᠴᠢ ᠿᠧᠨ ᠤᠪᠤᠭᠲᠤ  ᠳᠤ ᠲᠥᠯᠦᠨ ᠥᠭᠪᠡ᠃ ᠸᠠᠩ ᠰᠦᠨ ᠵᠦ   ᠶᠢᠨ ᠠᠶᠤᠵᠤ ᠰᠦ᠋ᠷᠳ᠋ᠡᠰᠢ ᠦᠭᠡᠢ ᠵᠣᠷᠢᠭ ᠰᠠᠨᠠᠭ᠎ᠠ  ᠨᠢ ᠭᠦᠢᠴᠡᠳᠬᠡᠭᠳᠡᠭᠴᠢ ᠶᠢᠨ ᠪᠠᠯᠠᠮᠠᠳ ᠠᠵᠢᠯᠯᠠᠭ᠎ᠠ  ᠶᠢ ᠨᠢ ᠳᠠᠷᠤᠩᠭ᠋ᠤᠢᠯᠠᠭᠰᠠᠨ ᠪᠠᠶᠢᠨ᠎ᠠ ᠃

ᠵᠠᠩ ᠣᠪᠣᠭᠲᠤ ᠵᠡᠷᠭᠡ ᠠᠷᠪᠠᠨ ᠨᠢᠭᠡᠨ ᠲᠠᠷᠢᠶᠠᠴᠢᠨ ᠴᠠᠭᠠᠰᠤᠨ ᠤ ᠦᠢᠯᠡᠰ ᠨᠢ ᠺᠣᠮᠫᠠᠨᠢ  ᠢ ᠵᠠᠭᠠᠯᠳᠤᠵᠤ ᠵᠢᠭᠡᠯᠡᠯᠭᠡ ᠂ ᠲᠦᠭᠦᠬᠡᠶ ᠡᠳ᠋  ᠤᠨ  ᠵᠣᠭᠤᠰ ᠢ ᠤᠳᠠᠭᠠᠰᠢᠷᠠᠭᠤᠯᠤᠨ ᠥᠷᠢᠲᠦᠬᠦ ᠂ ᠴᠠᠯᠢᠩ ᠥᠷᠢᠲᠦᠭᠰᠠᠨ ᠵᠡᠷᠭᠡ 11᠎ ᠬᠡᠷᠡᠭ ᠢ  ᠭᠦᠢᠴᠡᠳᠬᠡᠬᠦ  ᠲᠣᠪᠴᠢᠶᠠᠨ ᠳᠤ ᠰᠢᠵᠢᠭᠦᠯᠦᠨ ᠥᠭᠴᠦ ᠂ ᠸᠠᠩ ᠰᠦᠨ ᠵᠦ  ᠭᠦᠢᠴᠡᠳᠬᠡᠬᠦ ᠠᠵᠢᠯᠳᠠᠨ  ᠢ  ᠴᠤᠭᠯᠠᠭᠤᠯᠤᠨ ᠬᠤᠷᠠᠯᠳᠤᠵᠦ ᠂ ᠬᠡᠷᠡᠭ ᠦᠨ ᠪᠠᠶᠢᠳᠠᠯ  ᠢ ᠨᠠᠷᠢᠨ ᠬᠢᠨᠠᠮᠠᠭᠠᠶ ᠰᠤᠳᠤᠯᠤᠨ  ᠵᠠᠳᠠᠯᠠᠪᠠ᠃ ᠨᠢᠭᠡ ᠡᠲᠡᠭᠡᠳ ᠨᠢ ᠴᠢᠳᠠᠯ  ᠮᠡᠬᠦᠰ ᠪᠣᠯᠬᠤ ᠬᠥᠯᠥᠰᠥᠨ ᠠᠵᠢᠯᠴᠢᠨ  ᠪᠠᠢᠵᠤ᠂ ᠠᠮᠢᠳᠤᠷᠠᠯ ᠨᠢ ᠲᠤᠶᠢᠯ ᠤᠨ ᠬᠦᠴᠢᠷᠲᠡᠶ ᠂ ᠢᠯᠠᠩᠭᠤᠶ᠎ᠠ ᠨᠢᠩᠰᠢᠶᠠ ᠂ ᠯᠢᠨᠾᠧ  ᠵᠡᠷᠭᠡ ᠭᠠᠳᠠᠷ ᠣᠷᠣᠨ ᠤ ᠬᠥᠯᠥᠰᠥᠨ ᠠᠵᠢᠯᠴᠢᠨ ᠂ ᠲᠡᠳᠡᠨᠦᠰ ᠲᠤ ᠠᠪᠴᠤ ᠬᠡᠯᠡᠪᠡᠯ ᠵᠠᠷᠭᠤ ᠬᠦᠭᠡᠴᠡᠯᠳᠦᠬᠦ ᠨᠢ ᠲᠡᠩᠬᠡᠭᠡ ᠪᠡᠨ ᠰᠢᠪᠬᠠᠭᠰᠠᠨ ᠶᠠᠪᠤᠳᠠᠯ ᠪᠣᠯᠬᠤ ᠶᠤᠮ᠃ ᠨᠦᠬᠦᠭᠡ ᠲᠠᠯ᠎ᠠ ᠨᠢ ᠠᠵᠤ ᠠᠬᠤᠶᠢᠯᠠᠯ  ᠤᠨ ᠬᠠᠤᠯᠢ ᠶᠢᠨ ᠲᠥᠯᠦᠭᠡᠯᠡᠭᠴᠢ᠂ ᠰᠢᠭᠦᠬᠦ ᠶᠠᠪᠤᠴᠠ ᠳᠤ ᠂ ᠬᠠᠮᠠᠭᠠᠯᠠᠨ ᠬᠠᠳᠠᠭᠠᠯᠠᠭᠰᠠᠨ ᠡᠳ᠋  ᠬᠥᠷᠦᠩᠭᠡ ᠶᠢ ᠨᠢᠭᠡᠨᠲᠡ ᠰᠢᠯᠵᠢᠭᠦᠯᠦᠭᠰᠡᠨ ᠂ ᠬᠤᠪᠢᠷᠠᠭᠤᠯᠤᠨ ᠬᠤᠳᠠᠯᠳᠤᠭᠰᠠᠨ  ᠪᠠᠢᠵᠤ᠂ ᠺᠣᠮᠫᠠᠨᠢ ᠶᠢᠨ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ  ᠶᠢᠨ ᠣᠷᠣᠨ ᠰᠠᠭᠤᠴᠠ  ᠨᠢ ᠬᠥᠬᠡᠬᠣᠲᠠ  ᠳᠤ ᠪᠠᠢᠵᠤ᠂ ᠪᠣᠳᠠᠲᠠᠶ ᠬᠠᠶ᠋ᠢᠭ ᠨᠢ ᠲᠣᠳᠣᠷᠬᠠᠶ ᠦᠭᠡᠢ ᠃ ᠤᠳᠠᠭ᠎ᠠ ᠪᠦᠷᠢ ᠤᠲᠠᠰᠤ  ᠨᠡᠪᠲᠡᠷᠡᠵᠦ ᠬᠣᠯᠪᠣᠭ᠎ᠠ ᠠᠪᠬᠤ ᠳᠤ ᠶᠡᠷᠦᠨᠢ ᠭᠠᠳᠠᠷ ᠣᠷᠣᠨ ᠳᠤ ᠠᠵᠢᠯᠯᠠᠵᠤ  ᠪᠠᠢᠨ᠎ᠠ ᠭᠡᠵᠦ ᠰᠢᠯᠲᠠᠭᠯᠠᠨ ᠭᠦᠢᠴᠡᠳᠬᠡᠬᠦ ᠡᠴᠡ  ᠵᠠᠢᠯᠠᠳᠠᠭ ᠃ ᠸᠠᠩ ᠰᠦᠨ ᠵᠦ  ᠭᠤᠷᠪᠠᠨ ᠬᠥᠮᠦᠨ ᠳᠠᠭᠠᠭᠤᠯᠵᠤ  ᠬᠥᠬᠡᠬᠣᠲᠠ ᠶᠢᠨ ᠶᠡᠬᠡ ᠪᠠᠭ᠎ᠠ ᠵᠡᠭᠡᠯᠢ ᠭᠤᠳᠤᠮᠵᠢ  ᠡᠳᠦᠷ ᠰᠥᠨᠢ ᠦᠭᠡᠢ ᠭᠦᠶᠦᠵᠦ᠂ ᠨᠢᠭᠡ  ᠭᠠᠷᠠᠭ ᠡᠷᠢᠵᠦ ᠂ ᠤᠲᠠᠰᠤ ᠪᠠᠷ ᠳᠠᠬᠢᠨ ᠳᠠᠪᠲᠠᠨ ᠲᠠᠶᠢᠯᠪᠤᠷᠢᠯᠠᠯᠲᠠ ᠬᠢᠭᠰᠡᠨ  ᠤ ᠬᠠᠷᠢᠭᠤ ᠳᠤ᠂ ᠭᠦᠢᠴᠡᠳᠬᠡᠭᠳᠡᠭᠴᠢ ᠶᠠᠭᠤ ᠴᠤ ᠭᠡᠰᠡᠨ ᠬᠥᠬᠡᠬᠣᠲᠠ  ᠶᠢᠨ ᠨᠢᠭᠡᠨ ᠴᠠᠢ ᠶᠢᠨ ᠮᠤᠬᠤᠯᠠᠭ ᠠᠭᠤᠯᠵᠠᠬᠤ ᠶᠢ ᠵᠥᠪᠰᠢᠶᠡᠷᠡᠵᠡᠶ ᠃  ᠮᠥᠩᠭᠦᠨ ᠲᠤᠯᠤᠮᠲᠠᠨ ᠤ ᠶᠠᠩᠪᠠ ᠲᠠᠢ ᠬᠠᠤᠯᠢ ᠪᠠᠷ  ᠲᠣᠭᠲᠠᠭᠠᠭᠰᠠᠨ ᠲᠥᠯᠥᠭᠡᠯᠡᠭᠴᠢ ᠂ ᠥᠪᠴᠢ ᠪᠡᠶ᠎ᠡ ᠧᠦ᠋ᠷᠣᠫᠠ ᠬᠤᠪᠴᠠᠰᠤ ᠡᠮᠦᠰᠴᠦ ᠂ ᠨᠠᠷᠢᠨ ᠪᠢᠴᠢᠭᠡᠴᠢ ᠂ ᠬᠠᠤᠯᠢᠴᠢ  ᠬᠡᠵᠦ ᠲᠤᠯᠤᠭ᠎ᠠ ᠨᠠᠶᠮᠠᠨ ᠬᠥᠮᠦᠨ  ᠳᠠᠭᠠᠭᠤᠯᠵᠤ᠂ ᠭᠤᠷᠪᠠ ᠂ ᠲᠦᠷᠪᠡᠨ  ᠰᠠᠢᠨ ᠲᠡᠷᠭᠡ ᠪᠡᠷ ᠭᠦᠷᠴᠦ ᠢᠷᠡᠪᠡ᠃ ᠤᠴᠠᠷᠠᠭᠰᠠᠨ ᠤ ᠰᠡᠭᠦᠯᠡᠷ ᠸᠠᠩ ᠰᠦᠨ ᠵᠦ  ᠨᠢᠭᠡ  ᠨᠤᠲᠤᠭᠲᠠᠨ ᠤ ᠨᠠᠶᠢᠷ ᠲᠠᠯ᠎ᠠ ᠤᠨ ᠲᠤᠬᠠᠢ ᠪᠠ ᠬᠠᠤᠯᠢ ᠶᠢᠨ ᠲᠠᠯ᠎ᠠ ᠠᠴᠠ ᠳᠡᠳᠡᠨ ᠲᠡᠶ  ᠶᠠᠷᠢᠯᠴᠠᠭ᠎ᠠ ᠦᠷᠨᠢᠭᠦᠯᠪᠡ ᠂ ᠭᠦᠢᠴᠡᠳᠬᠡᠭᠳᠡᠬᠦ ᠬᠥᠮᠦᠨ ᠮᠥᠨ ᠴᠦ ᠬᠠᠩᠭᠢᠨ  ᠬᠥᠮᠦᠨ  ᠪᠠᠢᠵᠤ᠂  ᠨᠢᠭᠡ ᠭᠠᠷᠠᠭ ᠤᠨ ᠳᠣᠲᠤᠷ᠎ᠠ ᠪᠦᠬᠦᠨ ᠢ ᠭᠦᠢᠴᠡᠳᠬᠡᠨ᠎ᠡ ᠭᠡᠵᠦ ᠵᠢᠷᠤᠮᠰᠠᠭ ᠢᠶᠡᠷ ᠬᠦᠯᠢᠶᠡᠨ ᠠᠪᠤᠪᠠ᠃ ᠬᠦᠰᠡᠭᠰᠡᠨ ᠶᠠᠭᠤᠮ᠎ᠠ ᠬᠥᠰᠡᠷ ᠲᠦ ᠤᠨᠠᠬᠤ  ᠭᠡᠵᠦ᠂  ᠭᠦᠢᠴᠡᠳᠬᠡᠭᠳᠡᠭᠴᠢ ᠴᠠᠭ ᠲᠤᠬᠠᠶ ᠳᠤᠨᠢ ᠭᠦᠢᠴᠡᠳᠬᠡᠨ᠎ᠡ ᠭᠡᠰᠡᠨ ᠠᠮᠠᠯᠠᠯᠲᠠ ᠪᠠᠨ ᠵᠥᠷᠢᠴᠡᠵᠦ ᠂  ᠭᠡᠳᠡᠷᠭᠦ ᠪᠡᠨ ᠭᠦᠢᠴᠡᠳᠬᠡᠬᠦ ᠶᠢ ᠲᠡᠪᠴᠢᠬᠦ ᠪᠡᠨ ᠲᠣᠳᠤᠷᠬᠠᠢ ᠢᠯᠡᠷᠬᠡᠢᠯᠡᠵᠦ ᠂  ᠶᠠᠮᠠᠷ ᠨᠢᠭᠡ  ᠶᠠᠮᠠᠷ ᠤᠳᠤᠷᠢᠳᠬᠤ  ᠬᠥᠮᠦᠨ ᠪᠣᠯ ᠮᠢᠨᠦ ᠭᠠᠯ ᠤᠨ ᠠᠬ᠎ᠠ ᠳᠡᠭᠦᠦ ᠂ ᠰᠢᠭᠦᠬᠦ ᠬᠣᠷᠢᠶ᠎ᠠ  ᠨᠠᠳᠠ ᠶᠢ ᠶᠠᠭᠠᠬᠢᠵᠤ  ᠴᠦ ᠳᠡᠶᠢᠯᠬᠦ ᠦᠭᠡᠢ ᠂  ᠲᠠᠨ ᠤ ᠰᠢᠭᠦᠬᠦ ᠬᠣᠷᠢᠶ᠎ᠠ ᠳᠠᠬᠢᠨ ᠨᠠᠮᠠᠶᠢ ᠡᠷᠢᠵᠦ  ᠢᠷᠡᠬᠦ ᠭᠡᠵᠦ ᠪᠣᠳᠤᠯᠭᠠᠨ ᠦᠭᠡᠢ ᠵᠡᠷᠭᠡ ᠶᠡᠬᠡ ᠦᠭᠡ  ᠶᠠᠷᠢᠪᠠ ᠃ ᠨᠢᠭᠡᠨ ᠤᠳᠤᠷᠢᠳᠤᠯᠭ᠎ᠠ ᠲᠦᠰᠢᠭ ᠪᠤᠯᠵᠤ ᠪᠠᠢᠪᠠᠯ᠂ ᠲᠦᠮᠡᠨ ᠬᠡᠷᠡᠭ ᠲᠡᠭᠦᠰ ᠰᠠᠶᠢᠬᠠᠨ ᠪᠦᠳᠦᠴᠢᠨ᠎ᠡ ᠭᠡᠵᠦ ᠦᠵᠡᠵᠦ ᠂ ᠬᠡᠷᠡᠭ ᠲᠤ ᠬᠣᠯᠪᠤᠭᠳᠠᠭᠰᠠᠨ ᠵᠣᠭᠣᠰ ᠢ ᠥᠭᠬᠦ ᠬᠡᠷᠡᠭ ᠦᠭᠡᠢ ᠭᠡᠵᠦ ᠪᠣᠳᠤᠭᠰᠠᠨ ᠪᠠᠢᠨ᠎ᠠ ᠃ ᠭᠡᠲᠡᠯ᠎ᠡ ᠰᠠᠨᠠᠭᠠᠨ ᠠᠴᠠ ᠭᠠᠳᠠᠭᠤᠷ ᠂ ᠸᠠᠩ ᠰᠦᠨ ᠵᠦ  ᠡᠭᠦᠨ ᠢ ᠨᠢ ᠣᠢᠰᠢᠶᠠᠭᠰᠠᠨ ᠦᠭᠡᠢ᠂ ᠬᠠᠷᠢᠨ ᠲᠤᠰᠬᠠᠶ ᠬᠡᠷᠡᠭ ᠦᠨ ᠳᠤᠭᠤᠶᠢᠯᠠᠩ ᠳᠠᠭᠠᠭᠤᠯᠤᠨ ᠬᠥᠬᠡᠬᠣᠲᠠ ᠳᠤ ᠳᠠᠬᠢᠨᠲᠠ ᠬᠦᠷᠴᠦ ᠂ ᠳᠠᠭᠠᠭᠤᠯᠢ   ᠣᠳᠣ ᠪᠡᠷ ᠣᠷᠣᠨ ᠪᠠᠶᠢᠷᠢ  ᠳᠤᠭᠲᠠᠭᠠᠵᠤ᠂ ᠬᠥᠬᠡᠬᠣᠲᠠ  ᠨᠢᠭᠡᠨ  ᠲᠣᠪᠴᠢᠶᠠᠨ  ᠡᠴᠡ ᠲᠤᠰ ᠬᠥᠮᠦᠨ ᠢ ᠡᠷᠢᠵᠦ ᠤᠯᠤᠨ᠂ ᠬᠠᠤᠯᠢ ᠶᠣᠰᠣᠭᠠᠷ ᠲᠡᠭᠦᠨ ᠳᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ  ᠤ ᠬᠠᠮᠲᠤ ᠬᠣᠷᠢᠬᠤ ᠭᠠᠵᠠᠷ ᠣᠷᠣᠭᠤᠯᠪᠠ ᠃ ᠬᠣᠷᠢᠭᠤᠯ ᠤᠨ ᠭᠠᠵᠠᠷ ᠬᠦᠷᠭᠡᠵᠦ ᠣᠴᠢᠬᠤ ᠵᠠᠮ ᠳᠠᠭᠠᠨ ᠂ ᠭᠦᠢᠴᠡᠳᠬᠡᠭᠳᠡᠭᠴᠢ ᠄ 《 ᠸᠠᠩ ᠰᠦᠨ ᠵᠦ  ᠭᠡᠷ ᠦᠨ ᠬᠥᠮᠦᠰ  ᠲᠤ ᠨᠢ ᠬᠣᠣᠷ ᠬᠦᠷᠭᠡᠬᠦ ᠪᠥᠭᠡᠳ ᠮᠠᠷᠭᠠᠰᠢ  ᠶᠠᠮᠠᠷ ᠲᠤᠰᠢᠶᠠᠯᠲᠠᠨ  ᠡᠴᠡ ᠲᠤᠰᠢᠶᠠᠯ ᠠᠴᠠ ᠨᠢ  ᠴᠢᠨᠢ ᠤᠭᠴᠠᠷᠠᠭᠤᠯᠤᠨ᠎ᠠ》᠎ ᠭᠡᠵᠦ ᠪᠠᠷᠳᠠᠮᠨᠠᠪᠠ ᠂ ᠸᠠᠩ ᠰᠦᠨ ᠵᠦ ᠲᠡᠭᠦᠨ ᠦ ᠪᠠᠷᠳᠠᠮ ᠦᠭᠡ ᠡᠴᠡ ᠠᠶᠤᠵᠤ ᠡᠮᠢᠶᠡᠭᠰᠡᠨ  ᠦᠭᠡᠢ ᠃ ᠲᠠᠷᠠᠭ᠎ᠠ ᠡᠳᠦᠷ ᠨᠢ ᠪᠣᠯᠬᠤ ᠳᠤ ᠦᠨᠡᠬᠡᠷ  ᠨᠢᠭᠡᠨ ᠤᠳᠤᠷᠢᠳᠤᠯᠭ᠎ᠠ ᠡᠴᠡ  ᠤᠲᠠᠰᠤ ᠢᠷᠡᠵᠦ ᠬᠥᠮᠦᠨ  ᠢ ᠲᠠᠯᠪᠢᠬᠤ  ᠭᠡᠷᠡᠭᠲᠠᠢ ᠭᠡᠪᠡ ᠂ ᠸᠠᠩ ᠰᠦᠨ ᠵᠦ  ᠬᠡᠯᠡᠭᠰᠡᠨ ᠢ ᠨᠢ ᠣᠢᠰᠢᠶᠠᠭᠰᠠᠨ ᠦᠭᠡᠢ ᠳᠤ᠂  ᠨᠥᠭᠦᠭᠡ ᠤᠳᠤᠷᠢᠳᠤᠯᠭ᠎ᠠ ᠭᠡᠨᠡᠳᠲᠡ ᠠᠭᠤᠷᠯᠠᠵᠤ ᠤᠲᠠᠰᠤᠨ ᠤ ᠴᠠᠭᠠᠲᠤ ᠲᠠᠯ᠎ᠠ ᠡᠴᠡ ᠄ 《 ᠴᠢ ᠪᠠᠰᠠ ᠰᠢᠭᠦᠬᠦ ᠬᠣᠷᠢᠶᠠᠨ ᠳᠤ ᠵᠠᠯᠭᠠᠭᠠᠳ ᠬᠢᠬᠦ ᠰᠠᠨᠠᠭ᠎ᠠ ᠦᠭᠡᠢ ᠤᠤ︖ ᠡᠨᠡ  ᠬᠦ ᠭᠦᠢᠴᠡᠳᠬᠡᠬᠦ ᠲᠣᠪᠴᠢᠶᠠᠨ ᠤ ᠲᠣᠪᠴᠢᠶᠠᠨ ᠳᠠᠷᠤᠭ᠎ᠠ ᠪᠡᠨ  ᠬᠢᠬᠦ ᠦᠭᠡᠢ ᠭᠡᠵᠦ ᠦᠭᠡᠢ ᠭᠡᠵᠦ ᠪᠠᠢᠨ᠎ᠠ   ᠤᠤ︖  ᠬᠡᠷᠪᠡ ᠰᠤᠯᠠᠯᠠᠬᠤ ᠦᠭᠡᠢ ᠪᠣᠯ ᠴᠢᠮ᠎ᠠ ᠶᠢ ᠶᠠᠭᠠᠬᠢᠵᠦ  ᠦᠢᠯᠡᠳᠬᠦ ᠶᠢ ᠬᠠᠷᠠᠵᠤ ᠪᠠᠢ》᠎ ᠭᠡᠪᠡ᠃  ᠸᠠᠩ ᠰᠦᠨ ᠵᠦ  ᠬᠠᠷᠢᠭᠤ ᠳᠤ ᠨᠢ᠄ 《 ᠮᠢᠨᠦ ᠡᠷᠬᠡ ᠶᠢ ᠪᠣᠯ ᠠᠷᠠᠳ ᠲᠦᠮᠡᠨ ᠥᠭᠭᠦᠭᠰᠡᠨ ᠂  ᠬᠠᠷᠢᠨ ᠠᠯᠢ ᠨᠢᠭᠡᠨ ᠡᠷᠬᠡᠲᠡᠨ ᠨᠠᠳᠠ ᠳᠤ ᠥᠭᠭᠦᠭᠰᠡᠨ ᠪᠢᠰᠢ᠂  ᠪᠢ ᠨᠢᠭᠡ ᠡᠳᠦᠷ ᠠᠵᠢᠯ ᠤᠨ ᠢᠶᠡᠨ ᠪᠠᠢᠷᠢ ᠳᠡᠭᠡᠷ᠎ᠡ ᠪᠠᠢᠭᠰᠠᠨ ᠴᠠᠭ ᠲᠤ ᠬᠠᠤᠯᠢ  ᠶᠣᠰᠣᠭᠠᠷ ᠵᠠᠷᠭᠤ ᠶᠢ ᠪᠠᠢᠴᠠᠭᠠᠵᠤ᠂ ᠬᠡᠷᠡᠭ ᠰᠢᠢᠳᠪᠥᠷᠢᠯᠡᠭᠲᠡᠬᠦ  ᠶᠢᠨ ᠨᠠᠭᠠᠭᠤᠷ ᠶᠠᠭᠠᠬᠢᠭᠰᠠᠨ ᠴᠤ ᠲᠣᠷᠭᠤᠨ  ᠵᠣᠭᠰᠤᠬᠤ ᠪᠡᠷ ᠦᠭᠡᠢ 》᠎ ᠭᠡᠯ᠎ᠡ᠃ ᠲᠤᠰ ᠤᠳᠤᠷᠢᠳᠤᠯᠭ᠎ᠠ  ᠰᠢᠭᠦᠬᠦ ᠬᠣᠷᠢᠶᠠᠨ ᠤ ᠭᠣᠣᠯ ᠤᠳᠤᠷᠢᠳᠤᠯᠭ᠎ᠠ ᠳᠤ ᠨᠢ ᠤᠲᠠᠰᠤ ᠠᠪᠴᠤ ᠂  ᠸᠠᠩ ᠰᠦᠨ ᠵᠦ ᠶᠢ ᠰᠢᠳᠬᠡᠭᠦᠯᠬᠦ ᠱᠠᠭᠠᠷᠳᠠᠯᠭ᠎ᠠ  ᠭᠠᠷᠭᠠᠪᠠ ᠂ ᠠᠷᠠᠳ ᠤᠨ ᠰᠢᠭᠦᠬᠦ ᠬᠣᠷᠢᠶᠠᠨ ᠤ ᠤᠳᠤᠷᠢᠳᠤᠯᠭ᠎ᠠ  ᠨᠠᠷᠢᠯᠢᠭ ᠲᠠᠶᠢᠯᠪᠤᠷᠢᠯᠠᠯᠲᠠ  ᠦᠭᠭᠦᠭᠰᠠᠨ ᠤ ᠳᠠᠷᠠᠭ᠎ᠠ ᠂ ᠲᠤᠰ ᠤᠳᠤᠷᠢᠳᠬᠤ ᠪᠠᠢᠳᠠᠯ ᠢ ᠲᠣᠳᠤᠷᠬᠠᠢ ᠮᠡᠳᠡᠭᠰᠡᠨ ᠪᠥᠭᠡᠳ ᠪᠠᠰᠠ ᠄ 《 ᠪᠢ  ᠮᠤᠨᠤᠭᠲᠠᠵᠤ ᠪᠠᠶᠢᠨ᠎ᠠ ᠂ ᠡᠢᠮᠦ ᠰᠠᠢᠨ ᠨᠥᠬᠥᠷ ᠢ ᠬᠡᠷᠬᠢᠨ ᠰᠢᠢᠳᠬᠡᠵᠦ ᠪᠣᠯᠤᠨ᠎ᠠ》᠎ ᠭᠡᠵᠦᠲᠡᠷᠡ ᠳᠣᠣᠷ᠎ᠠ ᠨᠢ ᠳᠡᠮᠵᠢᠵᠦ ᠪᠠᠶᠢᠬᠤ ᠪᠠᠨ ᠢᠯᠡᠳᠬᠡᠵᠡᠶ ᠃ ᠭᠤᠷᠪᠠᠳᠤᠭᠠᠷ ᠡᠳᠦᠷ ᠨᠢ ᠂ ᠭᠦᠢᠴᠡᠳᠬᠡᠭᠳᠡᠭᠴᠢ ᠰᠢᠭᠦᠬᠦ  ᠬᠣᠷᠢᠶᠠᠨ ᠤ ᠬᠠᠳᠠᠭᠠᠯᠠᠮᠵᠢ ᠶᠢᠨ ᠳ᠋ᠤᠭᠠᠷ ᠲᠤ 60᠎ ᠭᠠᠷᠤᠶ ᠲᠦᠮᠡᠨ ᠲᠥᠭᠥᠷᠢᠭ  ᠭᠤᠪᠢᠭᠤᠯᠤᠨ᠂11᠎ ᠬᠡᠷᠡᠭ ᠢ ᠭᠦᠢᠴᠡᠳᠬᠡᠨ ᠳᠠᠭᠤᠰᠬᠠᠵᠤ ᠂ ᠲᠠᠷᠢᠶᠠᠴᠢᠨ ᠨᠠᠷ ᠲᠤ ᠵᠣᠭᠤᠰ ᠢ ᠨᠢ ᠪᠤᠴᠠᠭᠠᠬᠤ ᠦᠶᠡᠰ᠂  ᠲᠡᠳᠡᠨᠦᠰ ᠮᠠᠰᠢ ᠰᠡᠳᠬᠢᠯ ᠲᠤᠭᠳᠤᠯᠤᠭᠰᠠᠨ ᠪᠠᠢᠨ᠎ᠠ᠃

 ᠸᠠᠩ  ᠰᠦᠨ ᠵᠦ ᠠᠵᠢᠯ ᠳᠠᠭᠠᠨ ᠭᠠᠷᠮᠠᠭᠠᠶ ᠡᠴᠡ ᠪᠤᠯᠵᠤ ᠂ ᠤᠳᠤᠷᠢᠳᠤᠯᠭ᠎ᠠ ᠪᠠ ᠤᠯᠠᠨ ᠲᠦᠮᠡᠨ ᠦ  ᠥᠨᠳᠦᠷ ᠦᠨᠡᠯᠡᠯᠲᠠ ᠶᠢ ᠣᠯᠵᠤ ᠂ 2010᠎ ᠣᠨ ᠳᠤ ᠂ ᠲᠠᠬᠢᠨ ᠬᠦᠨᠳᠦ ᠲᠤᠰᠢᠶᠠᠯ ᠳᠤ  ᠲᠣᠮᠢᠯᠠᠵᠤ᠂ ᠲᠣᠭᠣᠷᠢᠨ ᠰᠢᠭᠦᠬᠦ ᠲᠢᠩᠬᠢᠮ ᠦᠨ ᠲᠢᠩᠬᠢᠮ ᠦᠨ ᠳᠠᠷᠤᠭ᠎ᠠ ᠶᠢᠨ ᠲᠤᠰᠢᠶᠠᠯ ᠢ ᠡᠭᠦᠷᠭᠡᠯᠡᠪᠡ᠃ ᠲᠡᠷᠡ  ᠠᠵᠢᠯ ᠤᠨ ᠪᠠᠢᠷᠢ ᠳᠤ ᠭᠠᠷᠤᠭᠰᠠᠨ ᠤ ᠳᠠᠷᠠᠭ᠎ᠠ ᠂ ᠶᠠᠭ ᠰᠠᠢᠬᠠᠨ ᠬᠠᠩᠭᠢᠨ ᠬᠣᠰᠢᠭᠤᠨ ᠤ ᠬᠠᠭᠤᠴᠢᠨ ᠬᠣᠲᠠ  ᠶᠢ ᠥᠭᠡᠷᠡᠴᠢᠯᠡᠬᠦ  ᠲᠠᠢ ᠲᠠᠭᠠᠷᠠᠯᠳᠤᠵᠦ ᠂ ᠲᠤᠬᠠᠶ ᠶᠢᠨ ᠦᠢ᠎ᠡ ᠳᠦ ᠰᠠᠭᠤᠭᠠᠯᠢ ᠠᠷᠠᠳ ᠨᠢ ᠬᠠᠭᠤᠴᠢᠨ ᠬᠣᠲᠠ  ᠶᠢ ᠥᠭᠡᠷᠡᠴᠢᠯᠡᠬᠦ  ᠲᠠᠯ᠎ᠠ ᠪᠡᠷ ᠬᠢ ᠲᠠᠨᠢᠯᠲᠠ ᠶᠢᠨ ᠵᠥᠷᠢᠶ᠎ᠡ  ᠲᠠᠢ ᠪᠠᠢᠵᠤ᠂ ᠨᠤᠷᠠᠭᠠᠨ ᠨᠡᠭᠦᠯᠭᠡᠬᠦ ᠶᠠᠪᠤᠴᠠ ᠳᠤ ᠤᠯᠠᠨ ᠰᠠᠭᠤᠭᠠᠯᠢ ᠠᠷᠠᠳ ᠤᠨ ᠭᠡᠷ ᠪᠠᠶᠢᠰᠢᠩ ᠢ ᠨᠤᠷᠠᠭᠠᠵᠤ  ᠨᠡᠭᠦᠯᠭᠡᠵᠦ ᠳᠠᠢᠯᠬᠦ ᠦᠭᠡᠢ ᠪᠠᠢᠵᠤ ᠂  ᠨᠢᠭᠡ ᠪᠥᠯᠦᠭ ᠠᠯᠪᠠᠳᠠᠨ ᠨᠡᠬᠦᠯᠬᠡᠬᠦ ᠭᠤᠶᠤᠴᠢᠯᠠᠯ  ᠢᠷᠡᠪᠡ᠂ ᠰᠢᠭᠦᠬᠦ ᠬᠣᠷᠢᠶᠠᠨ ᠤ ᠤᠳᠤᠷᠢᠳᠤᠯᠭ᠎ᠠ ᠲᠤᠰ ᠬᠡᠷᠡᠭ ᠢ ᠯᠠᠪᠳᠠᠭᠤᠨ ᠢᠶᠡᠷ ᠰᠢᠢᠳᠪᠦᠷᠢᠯᠡᠬᠦ ᠶᠢᠨ ᠲᠤᠯᠠᠳᠠ᠂ ᠡᠨᠡ ᠬᠦ ᠬᠦᠨᠳᠦ ᠡᠭᠦᠷᠭᠡ ᠶᠢ ᠸᠠᠩ ᠰᠦᠨ ᠵᠦ  ᠶᠢᠨ ᠬᠠᠷᠢᠶ᠎ᠠ ᠲᠢᠩᠬᠢᠮ ᠳᠤ ᠲᠤᠰᠢᠶᠠᠵᠤ  ᠭᠦᠢᠴᠡᠳᠬᠡᠭᠦᠯᠪᠡ᠂ ᠲᠤᠰ ᠲᠢᠩᠬᠢᠮ ᠸᠠᠩ ᠰᠦᠨ ᠵᠦ  ᠶᠢᠨ ᠳᠠᠭᠠᠭᠤᠯᠭ᠎ᠠ ᠳᠣᠣᠷ᠎ᠠ ᠂ ᠦᠳᠡ ᠣᠷᠣᠶ ᠠᠵᠢᠯ ᠠᠴᠠ ᠪᠠᠭᠤᠬᠤ ᠴᠠᠭ ᠲᠤ ᠰᠠᠭᠤᠭᠠᠯᠢ ᠡᠷᠦᠬᠡ ᠳᠤ ᠭᠦᠨᠵᠡᠭᠡᠶᠢᠷᠡᠨ ᠂ ᠬᠠᠤᠯᠢ ᠴᠠᠭᠠᠵᠠ ᠶᠢᠨ ᠪᠢᠴᠢᠭ ᠬᠠᠷ᠎ᠠ  ᠬᠦᠷᠭᠡᠵᠦ᠂ ᠦᠵᠡᠯ ᠰᠠᠨᠠᠭᠠᠨ ᠤ ᠠᠵᠢᠯ ᠬᠢᠵᠦ ᠂ ᠬᠠᠮᠤᠭ ᠶᠡᠬᠡ ᠬᠡᠮᠵᠢᠶᠡᠨ ᠳᠦ  ᠡᠪᠯᠡᠷᠡᠯ ᠢᠶᠡᠷ ᠭᠦᠢᠴᠡᠳᠬᠡᠬᠦ ᠪᠡᠷ ᠴᠢᠷᠮᠠᠢᠪᠠ ᠂ ᠵᠤᠨ ᠤ ᠹᠦ᠋ ᠣᠷᠤᠵᠤ ᠴᠠᠭ ᠠᠭᠤᠷ ᠤᠨ ᠵᠠᠷᠢᠮ ᠳᠠᠭᠠᠨ 40᠎ ᠭᠷᠠᠳᠦ᠋ᠰ ᠤᠨ ᠬᠠᠯᠠᠭᠤᠨ ᠬᠦᠷᠴᠦ ᠂   ᠬᠤᠪᠴᠠᠰᠤ ᠬᠤᠨᠠᠷ ᠬᠥᠯᠦᠰᠦᠨ ᠳᠤ ᠳᠡᠪᠲᠦᠵᠦ ᠪᠠᠢᠭᠰᠠᠨ ᠴᠦ᠂ ᠸᠠᠩ ᠰᠦᠨ ᠵᠦ  ᠶᠡᠷᠦ ᠨᠢ ᠠᠵᠢᠯ ᠲᠠᠰᠤᠯᠳᠠᠭᠰᠠᠨ ᠦᠭᠡᠢ ᠪᠢᠯᠡ ᠃ ᠸᠠᠩ ᠰᠦᠨ ᠵᠦ  ᠡᠳᠦᠷ ᠪᠦᠷᠢ ᠡᠳᠦᠷ ᠨᠡᠷᠡᠨ ᠳᠦ  ᠰᠢᠷᠠᠭᠳᠠᠨ ᠨᠤᠷᠠᠭᠠᠵᠤ ᠨᠡᠭᠦᠯᠭᠡᠬᠦ ᠭᠠᠵᠠᠷ  ᠭᠦᠨᠵᠡᠭᠡᠢᠷᠡᠵᠦ ᠂ ᠣᠷᠣᠢ ᠨᠢ ᠪᠠᠰᠠ ᠡᠭᠡᠯᠵᠢ  ᠨᠡᠮᠡᠨ ᠠᠵᠢᠯᠯᠠᠵᠤ   ᠬᠡᠷᠡᠭ ᠢ ᠬᠢᠨᠠᠬᠤ ᠬᠡᠷᠡᠭᠲᠠᠢ  ᠪᠠᠢᠯ᠎ᠠ᠃ ᠢᠩᠬᠢᠵᠤ  ᠬᠡᠲᠦᠷᠬᠠᠢ  ᠶᠠᠳᠠᠷᠠᠭᠰᠠᠨ  ᠡᠴᠡ ᠪᠣᠯᠵᠤ ᠭᠡᠨᠡᠳᠲᠡ ᠨᠢᠭᠡ ᠡᠳᠦᠷ ᠦᠨ ᠦᠳᠡ ᠳᠦ ᠨᠤᠷᠠᠭᠠᠨ ᠨᠡᠭᠦᠯᠭᠡᠬᠦ  ᠲᠤᠬᠠᠶ ᠶᠢᠨ ᠭᠠᠵᠠᠷ ᠲᠤᠨᠢ  ᠮᠠᠨᠠᠷᠠᠨ ᠤᠨᠠᠵᠤ᠂ ᠬᠠᠮᠲᠤ  ᠶᠠᠪᠤᠭ᠎ᠠ ᠨᠥᠬᠥᠳ ᠰᠡᠩᠳᠡ ᠮᠡᠩᠳᠡ ᠡᠮᠨᠡᠯᠭᠡ ᠶᠢᠨ ᠬᠣᠷᠢᠶᠠᠨ ᠳᠤ ᠬᠦᠷᠭᠡᠵᠦ  ᠪᠠᠢᠴᠠᠭᠠᠭᠰᠠᠨ  ᠤ ᠳ᠋ᠦᠩ ᠳᠤ ᠂ ᠲᠤᠰ ᠨᠥᠬᠥᠷ ᠴᠢᠰᠤᠨ ᠳᠠᠷᠤᠯᠲᠠ ᠥᠨᠳᠥᠷ ᠂ ᠵᠢᠷᠦᠬᠡᠨ ᠤ ᠲᠢᠲᠢᠮ ᠰᠤᠳᠠᠯ ᠦᠨ ᠡᠪᠡᠳᠴᠢᠨ ᠪᠠ ᠰᠢᠬᠢᠷ ᠰᠢᠵᠢᠩ ᠡᠪᠡᠳᠴᠢᠨ ᠵᠡᠷᠭᠡ ᠬᠡᠳᠦᠨ ᠵᠦᠢᠯ ᠦᠨ ᠡᠪᠡᠳᠴᠢᠨ  ᠳᠠᠪᠬᠤᠴᠠᠭᠰᠠᠨ ᠢ ᠣᠯᠵᠤ ᠮᠡᠳᠡᠪᠡ᠃ ᠸᠠᠩ ᠰᠦᠨ ᠵᠦ  ᠠᠵᠢᠯ ᠢ ᠨᠥᠯᠥᠭᠡᠯᠡᠬᠦ ᠦᠭᠡᠢ ᠶᠢᠨ ᠲᠤᠰᠠᠳᠠ ᠂ ᠬᠠᠮᠲᠤ ᠶᠠᠪᠤᠭ᠎ᠠ ᠨᠥᠬᠥᠳ ᠳ᠋ᠡᠭᠡᠨ ᠄《  ᠤᠳᠤᠷᠢᠳᠤᠯᠭ᠎ᠠ ᠳᠤ ᠮᠢᠨᠦ ᠴᠢᠰᠤᠨ ᠳᠠᠷᠤᠯᠲᠠ ᠥᠨᠳᠥᠷ ᠂ ᠵᠢᠷᠦᠬᠡᠨ ᠤ ᠲᠢᠲᠢᠮ ᠰᠤᠳᠠᠯ ᠦᠨ ᠡᠪᠡᠳᠴᠢᠨ ᠪᠠ ᠰᠢᠬᠢᠷ ᠰᠢᠵᠢᠩ ᠡᠪᠡᠳᠴᠢᠨ ᠶᠢ ᠬᠡᠨ ᠴᠦ ᠭᠡᠰᠡᠨ ᠬᠡᠯᠡᠵᠦ  ᠪᠣᠯᠬᠤ ᠦᠭᠡᠢ 》᠎ ᠭᠡᠵᠦ᠂  ᠡᠮᠨᠡᠯᠭᠡ ᠶᠢᠨ  ᠬᠣᠷᠢᠶᠠᠨ ᠡᠴᠡ ᠲᠡᠭᠦᠨ ᠳᠤ ᠡᠮ ᠭᠠᠷᠭᠠᠵᠤ ᠥᠭᠬᠦ ᠶᠢ  ᠱᠠᠭᠠᠷᠳᠤᠭᠰᠠᠨ ᠳᠤ᠂  ᠡᠮᠴᠢ  ᠡᠴᠡ 《 ᠴᠢᠨᠦ ᠡᠪᠡᠳᠴᠢᠨ ᠣᠳᠣ ᠨᠢᠭᠡᠨᠲᠡ ᠮᠠᠰᠢ  ᠠᠶᠤᠯᠲᠠᠢ᠂ ᠡᠷᠬᠡᠪᠰᠢ ᠡᠮᠨᠡᠯᠭᠡ ᠳᠦ ᠰᠠᠭᠤᠵᠤ ᠡᠮᠨᠡᠭᠦᠯᠬᠦ  ᠬᠡᠷᠡᠭᠲᠠᠢ》᠎ ᠭᠡᠬᠦ ᠳᠤ ᠲᠡᠷᠡ ᠮᠥᠨ ᠯᠡ ᠡᠮᠨᠡᠯᠭᠡ ᠶᠢᠨ ᠬᠣᠷᠢᠶ᠎ᠠ ᠲᠡᠭᠦᠨ ᠳᠦ ᠡᠮ  ᠥᠭᠬᠦ ᠶᠢ ᠱᠠᠭᠠᠷᠳᠤᠵᠤ᠂ 《 ᠪᠢ ᠡᠶᠢᠮᠦ ᠨᠢᠭᠡᠨ ᠲᠣᠮᠤ ᠡᠷ᠎ᠡ ᠪᠠᠢᠭᠠᠳ ᠬᠡᠷᠬᠢᠨ ᠡᠪᠡᠳᠴᠢᠨ ᠡᠴᠡ ᠠᠶᠤᠬᠤ ᠪᠤᠢ᠂ ᠲᠠ ᠨᠠᠳᠠ ᠳᠤ  ᠬᠤᠷᠳᠤᠬᠠᠨ  ᠤᠤᠭᠤᠬᠤ ᠡᠮ ᠦᠭᠭᠦᠴᠢᠬᠡ᠂ ᠨᠠᠳᠠ  ᠳᠤ  ᠪᠠᠰᠠ ᠮᠠᠰᠢ ᠤᠯᠠᠨ ᠠᠵᠢᠯ  ᠬᠢᠬᠦ ᠴᠢᠬᠤᠯᠠᠲᠠᠢ ᠪᠠᠢᠨ᠎ᠠ》᠎ ᠭᠡᠯ᠎ᠡ ᠃ ᠡᠮᠴᠢ ᠠᠷᠭ᠎ᠠ  ᠪᠤᠰᠤ ᠬᠡᠳᠦᠨ ᠪᠠᠭᠯᠠᠭ᠎ᠠ ᠥᠭᠪᠡ᠃ ᠡᠮᠨᠡᠯᠭᠡ ᠡᠴᠡ ᠭᠠᠷᠤᠭᠰᠠᠨ ᠤ ᠳᠠᠷᠠᠭ᠎ᠠ ᠲᠡᠷᠡ ᠰᠢᠭᠤᠳ ᠨᠤᠷᠠᠭᠠᠵᠤ ᠨᠡᠭᠦᠯᠭᠡᠬᠦ ᠭᠠᠵᠠᠷ ᠠᠵᠢᠯᠯᠠᠵᠤ ᠡᠬᠢᠯᠡᠭᠰᠡᠨ ᠪᠠᠶᠢᠨ᠎ᠠ ᠃ ᠡᠳᠦᠷ ᠪᠦᠷᠢ ᠠᠵᠢᠯ ᠢᠶᠠᠨ ᠳᠤᠮᠳᠠ ᠲᠣᠯᠣᠭᠠᠶ ᠡᠷᠭᠢᠵᠦ ᠲᠠᠮᠢᠷᠳᠠᠬᠤ ᠦᠢ᠎ᠡ ᠳᠦ ᠂ ᠲᠡᠷᠡ ᠳᠠᠷᠤᠶ ᠬᠣᠶᠠᠷ ᠬᠡᠰᠡᠭ ᠳᠠᠷᠤᠯᠲᠠ ᠪᠠᠭᠤᠷᠠᠭᠤᠯᠬᠤ ᠡᠮ ᠢᠳᠡᠵᠦ ᠂ ᠴᠡᠭᠡᠵᠢ  ᠡᠪᠡᠳᠦᠨ   ᠪᠤᠬᠢᠨᠠᠳᠤᠬᠤ ᠦᠢ᠎ᠡ ᠳᠦ ᠬᠡᠳᠦᠨ ᠮᠥᠬᠥᠯᠢᠭ ᠵᠢᠷᠦᠬᠡ ᠠᠪᠤᠷᠠᠬᠤ ᠦᠷᠢᠯ ᠢᠳᠡᠵᠦ ᠂ ᠳᠠᠷᠠᠭ᠎ᠠ ᠨᠢ ᠦᠷᠭᠦᠯᠵᠢᠯᠡᠨ ᠠᠵᠢᠯᠯᠠᠨ᠎ᠠ ᠃ ᠨᠥᠬᠥᠳ  ᠨᠢ ᠲᠡᠭᠦᠨ ᠦ ᠠᠮᠢ ᠪᠡᠶ᠎ᠡ ᠪᠡᠨ ᠬᠠᠶᠢᠷᠠᠯᠠᠬᠤ ᠦᠭᠡᠢ ᠪᠡᠷ ᠠᠵᠢᠯᠯᠠᠬᠤ ᠵᠣᠷᠢᠭ  ᠰᠠᠨᠠᠭᠠᠨ ᠳᠤ ᠨᠢ  ᠮᠠᠰᠢ ᠰᠡᠳᠬᠢᠯ  ᠬᠥᠳᠡᠯᠪᠡ ᠃ ᠸᠠᠩ ᠰᠦᠨ ᠵᠦ ᠄ 《 ᠠᠷᠠᠳ ᠤᠨ ᠬᠠᠤᠯᠢ ᠶᠢᠨ ᠲᠤᠰᠢᠶᠠᠯᠲᠠᠨ ᠂ ᠭᠠᠭᠴᠠ ᠬᠦ ᠠᠷᠠᠳ ᠲᠦᠮᠡᠨ ᠲᠡᠶ ᠰᠡᠳᠬᠢᠯ ᠵᠢᠷᠦᠬᠡ ᠪᠡᠨ ᠬᠣᠯᠪᠣᠵᠤ ᠂ ᠥᠪᠡᠷ ᠦᠨ ᠦᠭᠡ ᠶᠠᠷᠢᠶ᠎ᠠ ᠦᠢᠯᠡ ᠠᠵᠢᠯᠯᠠᠭ᠎ᠠ  ᠪᠡᠨ ᠲᠥᠪ  ᠪᠣᠯᠭᠠᠪᠠᠯ᠂ ᠰᠠᠶ᠋ᠢ ᠦᠨᠡᠨ ᠬᠦ ᠠᠷᠠᠳ ᠲᠦᠮᠡᠨ ᠳᠦ ᠬᠦᠴᠢᠷ ᠵᠣᠪᠠᠯᠠᠩ ᠢ ᠨᠢ ᠠᠷᠢᠯᠭᠠᠵᠤ ᠂ ᠮᠠᠷᠭᠤᠯᠳᠤᠭᠠᠨ ᠢ  ᠨᠠᠮᠳᠠᠭᠤᠯᠵᠤ ᠵᠠᠭᠤᠷᠠᠯᠳᠤᠭᠠᠨ ᠢ ᠵᠣᠭᠰᠣᠭᠠᠵᠤ ᠪᠣᠯᠤᠨ᠎ᠠ ᠃ 》  ᠭᠡᠪᠡ᠃

ᠲᠥᠪ ᠭᠣᠣᠯᠴᠢ ᠠᠷᠢᠭᠤᠨ ᠴᠢᠬᠡᠴᠢ  ᠪᠠᠢᠵᠤ ᠠᠷᠠᠳ ᠤᠨ ᠰᠡᠳᠬᠢᠯ ᠢ ᠣᠯᠪᠠ

 ᠸᠠᠩ ᠰᠦᠨ ᠵᠦ ᠲᠣᠭᠣᠷᠢᠨ ᠰᠢᠭᠦᠬᠦ ᠲᠢᠩᠬᠢᠮ ᠦᠨ ᠳᠠᠷᠤᠭ᠎ᠠ  ᠪᠣᠯᠤᠭᠰᠠᠨ ᠤ ᠲᠠᠷᠠᠭ᠎ᠠ ᠂ ᠥᠪᠡᠷ ᠦᠨ ᠪᠡᠶ᠎ᠡ ᠳᠡᠭᠡᠨ ᠨᠢᠭᠡ  ᠳᠦᠷᠢᠮ ᠳᠠᠭᠲᠠᠭᠠᠪᠠ᠂ ᠳᠠᠷᠤᠢ ᠤᠬᠠᠮᠰᠠᠷ ᠠᠴᠠ ᠪᠠᠨ ᠰᠤᠷᠤᠯᠴᠠᠵᠤ ᠂ ᠪᠦᠯᠬᠦᠮᠳᠡᠯ ᠲᠡᠶ ᠂ ᠠᠵᠢᠯ ᠤᠨ ᠳᠠᠭᠤᠷᠢᠶᠠᠯ ᠪᠣᠯᠬᠤ ᠂ ᠴᠢᠳᠠᠪᠤᠷᠢ ᠂ ᠶᠣᠰᠣ ᠮᠣᠷᠠᠯ ᠂ ᠭᠣᠶᠠᠴᠢ ᠦᠭᠡᠢ ᠪᠡᠷ ᠵᠢᠳᠬᠦᠬᠦ ᠦᠯᠢᠭᠡᠷ ᠳᠠᠭᠤᠷᠢᠶᠠᠯ ᠪᠣᠯᠬᠤ ᠃ 2010᠎ ᠣᠨ ᠤ  ᠵᠢᠯ ᠤᠨ  ᠡᠴᠦᠰ ᠲᠤ᠂ 5᠎ ᠬᠡᠷᠡᠭ ᠨᠢ ᠴᠥᠮ ᠬᠥᠯᠥᠰᠥᠨ ᠠᠵᠢᠯᠴᠢᠨ ᠤ ᠴᠠᠯᠢᠩ ᠢ ᠨᠡᠬᠡᠮᠵᠢᠯᠡᠨ ᠠᠪᠬᠤ  ᠲᠤᠬᠠᠢ ᠪᠠᠢᠵᠤ ᠂ ᠵᠠᠭᠠᠯᠳᠤᠭᠳᠠᠭᠴᠢ ᠨᠢ ᠮᠥᠷ ᠰᠤᠷᠠᠭ  ᠦᠭᠡᠢ ᠪᠣᠯᠤᠭᠰᠠᠨ ᠪᠠᠢᠪᠠ᠂  ᠬᠦᠬᠡᠬᠡ ᠰᠠᠷ᠎ᠠ ᠶᠢᠨ27᠎ ᠪᠣᠯᠵᠤ ᠬᠠᠷᠠᠵᠤ ᠪᠠᠶᠢᠲᠠᠯ᠎ᠠ ᠰᠢᠨᠡᠯᠡᠬᠦ ᠪᠣᠯᠤᠯ᠎ᠠ ᠂ ᠬᠥᠯᠥᠰᠥᠨ ᠠᠵᠢᠯᠴᠢᠨ ᠤ ᠲᠦᠷᠭᠡᠬᠡᠨ ᠭᠡᠷ ᠲᠡᠬᠡᠨ ᠬᠠᠷᠢᠵᠤ ᠭᠡᠷ ᠦᠨ ᠬᠥᠮᠦᠰ ᠲᠡᠶ ᠪᠡᠨ  ᠠᠭᠤᠯᠵᠠᠵᠤ ᠰᠢᠨ᠎ᠡ ᠵᠢᠯ ᠢᠶᠡᠨ ᠥᠩᠭᠡᠷᠡᠭᠦᠯᠬᠦ ᠶᠢ ᠨᠢ ᠪᠡᠯᠡᠭᠦᠯᠬᠦ ᠶᠢᠨ ᠲᠤᠯᠠᠲᠠ᠂  ᠸᠠᠩ ᠰᠦᠨ ᠵᠦ ᠦᠳᠡ ᠳᠦ ᠬᠠᠷᠢᠵᠤ ᠬᠣᠭᠣᠯᠠ ᠢᠳᠡᠬᠦ ᠴᠠᠭ  ᠪᠡᠨ ᠣᠷᠬᠢᠨ᠂ ᠳᠥᠭᠥᠮ ᠬᠣᠭᠤᠯᠠ ᠢᠳᠡᠭᠡᠳ ᠂ ᠳᠠᠷᠠᠭ᠎ᠠ ᠨᠢ ᠬᠣᠯᠪᠣᠭᠳᠠᠯ ᠪᠦᠬᠦᠢ ᠨᠢᠭᠡᠴᠢ  ᠡᠴᠡ 20᠎ ᠲᠦᠮᠡᠨ ᠲᠥᠭᠥᠷᠢᠭ  ᠤᠨ ᠵᠢᠭᠡᠯᠡᠯᠭᠡ ᠠᠪᠳᠤ᠂ 5᠎ ᠬᠥᠯᠥᠰᠥᠨ ᠠᠵᠢᠯᠴᠢᠨ ᠤ ᠬᠠᠷᠢᠴᠠᠯ ᠶᠣᠰᠣᠭᠠᠷ ᠬᠤᠪᠢᠶᠠᠷᠢᠯᠠᠵᠤ  ᠥᠭᠭᠦᠨ᠂ ᠲᠦᠷᠭᠡᠨ ᠭᠡᠷ ᠲᠡᠬᠡᠨ ᠬᠠᠷᠢᠵᠤ ᠬᠡᠷ ᠦᠨ ᠬᠥᠮᠦᠰ ᠲᠡᠶ ᠪᠡᠨ  ᠰᠢᠨ᠎ᠡ ᠵᠢᠯ ᠴᠠᠭᠠᠨ ᠰᠠᠷ᠎ᠠ ᠪᠡᠨ ᠥᠩᠭᠡᠷᠡᠭᠦᠯ ᠭᠡᠪᠡ᠃ ᠲᠤᠬᠠᠶ ᠶᠢᠨ ᠦᠶ᠎ᠡ ᠳᠦ ᠬᠥᠯᠥᠰᠥᠨ ᠠᠵᠢᠯᠴᠢᠨ ᠤ ᠵᠣᠭᠣᠰ ᠢᠶᠠᠨ   ᠣᠯᠤᠭᠰᠠᠨ ᠤ ᠳᠠᠷᠠᠭ᠎ᠠ ᠰᠡᠳᠬᠢᠯ ᠨᠢ ᠬᠥᠳᠡᠯᠵᠦ  ᠨᠢᠭᠡ ᠡᠷᠡᠨ ᠤ ᠬᠣᠭᠤᠯᠠ ᠢᠳᠡᠬᠦᠯᠬᠦ ᠭᠡᠬᠦ ᠳᠤ ᠸᠠᠩ ᠰᠦᠨ ᠵᠦ ᠄ 《 ᠡᠨᠡ ᠪᠣᠯ ᠮᠢᠨᠦ ᠬᠢᠬᠦ ᠶᠣᠰᠣᠲᠠᠶ  ᠠᠵᠢᠯ᠂ ᠲᠠ ᠨᠠᠷ ᠲᠦᠷᠭᠡᠨ ᠪᠤᠴᠠ》᠎ ᠭᠡᠵᠦ ᠂ ᠳᠠᠷᠠᠭ᠎ᠠ ᠨᠢ ᠥᠪᠡᠷ ᠢᠶᠡᠨ ᠠᠯᠪᠠᠨ ᠭᠡᠷ ᠲᠦ  ᠪᠡᠨ  ᠣᠴᠢᠵᠤ ᠦᠷᠭᠦᠯᠵᠢᠯᠡᠨ  ᠠᠵᠢᠯᠯᠠᠪᠠ ᠃

ᠨᠢᠭᠡ ᠤᠳᠠᠭ᠎ᠠ  ᠸᠠᠩ ᠰᠦᠨ ᠵᠦ  ᠶᠢᠨ ᠡᠬᠡᠨᠡᠷ ᠴᠢᠰᠤ  ᠲᠤᠲᠠᠭᠰᠠᠨ ᠡᠴᠡ ᠪᠣᠯᠵᠤ᠂ ᠣᠷᠳᠣᠰ ᠲᠥᠪ ᠡᠮᠨᠡᠯᠭᠡ ᠶᠢᠨ ᠬᠣᠷᠢᠶᠠᠨ ᠳᠤ  ᠰᠠᠭᠤᠭᠰᠠᠨ ᠢ ᠨᠢᠭᠡᠨ ᠬᠡᠷᠡᠭ  ᠤᠨ ᠵᠠᠭᠠᠯᠳᠤᠭᠳᠠᠭᠴᠢ ᠦ᠋ ᠣᠪᠣᠭᠲᠤ ᠮᠡᠳᠡᠭᠰᠡᠨ ᠦ ᠳᠠᠷᠠᠭ᠎ᠠ ᠂ ᠠᠵᠢᠯᠴᠢᠨ   ᠢᠶᠡᠨ ᠲᠣᠮᠢᠯᠠᠨ  ᠰᠠᠭᠰᠤᠲᠤ  ᠵᠢᠮᠢᠰ ᠪᠣᠯᠤᠨ 2000᠎ ᠲᠥᠭᠥᠷᠢᠭ ᠪᠡᠯᠡᠨ ᠵᠣᠭᠣᠰ ᠠᠪᠴᠤ᠂ ᠡᠪᠡᠳᠴᠢᠲᠡᠨ ᠦ ᠡᠦᠷᠦᠬᠡ  ᠣᠷᠤᠵᠤ ᠢᠷᠡᠭᠡᠳ ᠸᠠᠩ ᠳᠠᠷᠤᠭ᠎ᠠ ᠤᠨ ᠰᠠᠶᠢᠨ ᠨᠠᠶᠢᠵᠠ ᠨᠠᠮᠠᠶᠢ  ᠵᠠᠷᠤᠵᠤ ᠪᠠᠬᠠᠨ ᠰᠢᠮ᠎ᠡ ᠲᠡᠵᠢᠭᠡᠯᠲᠦ  ᠪᠣᠳᠠᠰ ᠬᠤᠳᠠᠯᠳᠤᠵᠤ  ᠠᠪᠤᠭᠠᠷᠠᠢ  ᠭᠡᠵᠦ ᠬᠡᠯᠡᠭᠦᠯᠪᠠ᠂ ᠬᠡᠯᠡᠵᠦ ᠪᠠᠷᠠᠬᠠᠨᠲᠠᠯ᠎ᠠ ᠪᠡᠶ᠎ᠡ ᠡᠷᠭᠢᠨ ᠭᠠᠴᠤ ᠶᠠᠪᠤᠪᠠ ᠃ ᠣᠷᠣᠶ ᠨᠢ  ᠸᠠᠩ ᠰᠦᠨ ᠵᠤ  ᠭᠡᠷᠭᠡᠢ ᠪᠡᠨ ᠡᠷᠭᠢᠵᠦ ᠦᠵᠡᠬᠦ ᠦᠶ᠎ᠡ ᠳᠦ ᠂ ᠡᠬᠡᠨᠡᠷ ᠨᠢ ᠥᠨᠥᠳᠦᠷ ᠴᠢᠨᠦ  ᠨᠢᠭᠡ ᠰᠠᠢᠨ  ᠨᠥ᠋ᠬᠦᠷ ᠴᠢᠨᠢ ᠢᠷᠡᠵᠦ᠂ ᠵᠢᠮᠢᠰ ᠪᠣᠯᠤᠨ 2000᠎ ᠲᠥᠭᠥᠷᠢᠭ ᠵᠣᠭᠣᠰ ᠥᠭᠭᠦᠭᠡᠳ ᠶᠠᠪᠤᠪᠠ ᠭᠡᠯ᠎ᠡ᠃  ᠸᠠᠩ ᠰᠦᠨ ᠵᠦ ᠡᠨᠡ ᠬᠥᠮᠦᠨ ᠦ ᠵᠢᠰᠦ  ᠲᠥᠯᠦᠪ  ᠪᠠ ᠪᠡᠶ᠎ᠡ ᠭᠠᠯᠪᠢᠷ ᠤᠨ ᠪᠠᠢᠳᠠᠯ ᠢ ᠦᠨᠳᠦᠰᠦᠯᠡᠨ  ᠬᠡᠨ ᠢ ᠨᠢ ᠮᠠᠭᠠᠳᠯᠠᠨ ᠳᠤᠭᠲᠠᠭᠠᠵᠤ᠂ ᠲᠤᠰ ᠬᠥᠮᠦᠨ ᠦ ᠬᠣᠶᠢᠨ᠎ᠠ  ᠡᠴᠡ ᠤᠲᠠᠰᠤ ᠶᠠᠪᠤᠭᠤᠯᠵᠤ ᠂ ᠥᠪᠡᠷ  ᠢᠶᠡᠨ ᠢᠷᠡᠭᠡᠳ ᠭᠦᠷᠭᠡᠭᠰᠡᠨ ᠪᠡᠯᠡᠭ ᠢᠶᠡᠨ ᠠᠪᠴᠤ ᠶᠠᠪᠤᠬᠤ ᠶᠢ ᠱᠠᠭᠠᠷᠳᠠᠭᠰᠠᠨ ᠳᠤ ᠂ ᠲᠡᠷᠡ ᠬᠥᠮᠦᠨ ᠪᠠᠭ᠎ᠠ ᠰᠠᠭ᠎ᠠ ᠯᠠ ᠰᠡᠳᠬᠢᠯ ᠤᠨ ᠪᠡᠯᠡᠭ ᠭᠡᠳ ᠶᠠᠭᠠᠬᠢᠭᠰᠠᠨ ᠴᠦ ᠢᠷᠡᠵᠦ ᠠᠪᠠᠴᠢᠭᠰᠠᠨ ᠦᠭᠡᠢ ᠂  ᠸᠠᠩ ᠰᠦᠨ ᠵᠦ ᠠᠷᠭ᠎ᠠ ᠪᠤᠰᠤ 2000᠎ ᠲᠥᠭᠥᠷᠢᠭ ᠵᠣᠭᠣᠰ   ᠢᠶᠡᠷ ᠵᠠᠭᠠᠯᠳᠤᠭᠴᠢ ᠶᠢᠨ  ᠴᠢᠯᠠᠩ ᠢ  ᠪᠤᠴᠠᠭᠠᠭᠰᠠᠨ ᠪᠥᠭᠡᠳ ᠵᠠᠭᠠᠯᠳᠤᠭᠳᠠᠭᠴᠢ ᠳᠤ ᠲᠤᠰ ᠪᠠᠶᠢᠳᠠᠯ ᠢ  ᠮᠡᠳᠡᠭᠳᠡᠭᠰᠠᠨ ᠪᠠᠢᠨ᠎ᠠ᠃

2011᠎   ᠣᠨ ᠤ3᠎ ᠰᠠᠷ᠎ᠠ ᠶᠢᠨ28᠎ ᠤ ᠡᠳᠦᠷ ᠂ ᠲᠤᠬᠠᠶ ᠶᠢᠨ ᠦᠶ᠎ᠡ ᠳᠦ ᠨᠢᠭᠡᠨ ᠦᠶ᠎ᠡ ᠶᠡᠬᠡ ᠪᠡᠷ ᠳᠦᠷᠭᠢᠶᠡᠨ ᠡᠭᠦᠰᠭᠡᠭᠰᠡᠨ 《 5.09》᠎ ᠶᠡᠬᠡ ᠬᠡᠷᠡᠭ ᠤᠨ ᠵᠠᠭᠠᠯᠳᠤᠭᠳᠠᠭᠴᠢ ᠪᠠᠰᠠ ᠨᠢᠭᠡ ᠵᠣᠭᠣᠰ ᠵᠢᠭᠡᠯᠡᠭᠰᠡᠨ ᠬᠡᠷᠡᠭ ᠢᠶᠡᠷ ᠵᠠᠭᠠᠯᠳᠤᠭᠳᠠᠵᠤ᠂ ᠤᠤᠯ ᠨᠢ ᠵᠠᠭᠠᠯᠳᠤᠭᠳᠠᠭᠴᠢ ᠵᠠᠭᠠᠯᠳᠤᠭᠴᠢ  ᠡᠴᠡ ᠨᠢᠭᠡᠨ ᠿᠦᠢ  ᠬᠤ ᠲᠡᠷᠭᠡ  ᠬᠤᠳᠠᠯᠳᠤᠨ ᠠᠪᠤᠪᠠ᠃ ᠲᠡᠷᠭᠡ ᠶᠢᠨ ᠦᠨ᠎ᠡ ᠨᠢ 98500᠎ ᠲᠥᠭᠥᠷᠢᠭ ᠂ ᠲᠤᠬᠠᠶ ᠶᠢᠨ ᠦᠢ᠎ᠡ ᠳᠦ ᠠᠩᠬ᠎ᠠ ᠤᠳᠠᠭ᠎ᠠ  ᠳᠤ20000᠎ ᠲᠥᠭᠥᠷᠢᠭ ᠲᠤᠰᠢᠶᠠᠵᠤ ᠂  ᠦᠯᠡᠳᠡᠭᠰᠡᠨ ᠵᠣᠭᠣᠰ  78500᠎ ᠲᠥᠭᠥᠷᠢᠭ ᠢ ᠠᠷᠪᠠᠨ ᠰᠠᠷ᠎ᠠ ᠬᠤᠪᠢᠶᠠᠨ ᠪᠠᠷᠢᠴᠠᠭᠠᠳᠤ ᠵᠢᠭᠡᠯᠡᠯᠭᠡ  ᠶᠢᠨ  ᠬᠡᠯᠪᠡᠷᠢ ᠢᠶᠡᠷ ᠪᠤᠴᠠᠭᠠᠬᠤ ᠬᠡᠷᠡᠭᠲᠡᠶ ᠪᠠᠢᠪᠠ ᠃ ᠵᠠᠭᠠᠯᠳᠤᠭᠳᠠᠭᠴᠢ ᠡᠷ᠎ᠡ ᠡᠮ᠎ᠡ ᠬᠤᠶᠠᠷ2011᠎ ᠣᠨ ᠤ5᠎ ᠰᠠᠷ᠎ᠠ ᠶᠢᠨ9᠎ ᠤ ᠡᠳᠦᠷ ᠵᠣᠷᠢᠭᠤᠳᠠ ᠭᠡᠮᠲᠦᠭᠡᠭᠡᠳ ᠪᠤᠰᠤᠳ ᠬᠥᠮᠦᠨ ᠢ ᠦᠬᠦᠭᠦᠯᠦᠭᠰᠡᠨ  ᠲᠤᠯᠠ ᠂ ᠡᠷ᠎ᠡ ᠡᠮ᠎ᠡ ᠬᠣᠶᠠᠭᠤᠯᠠ ᠪᠠᠨ ᠭᠢᠨᠳᠠᠨ ᠳᠤ ᠬᠤᠷᠢᠭᠳᠠᠵᠤ ᠂ ᠭᠡᠷ᠎ᠡ ᠶᠢᠨ ᠡᠭᠦᠷᠭᠡ ᠶᠢ  ᠭᠦᠢᠴᠡᠳᠬᠡᠬᠦ  ᠶᠢᠨ ᠠᠷᠭ᠎ᠠ ᠦᠭᠡᠢ  ᠪᠣᠯᠪᠠ ᠃ ᠡᠭᠦᠨ ᠦ ᠲᠥᠯᠥᠭᠡ ᠂ ᠵᠠᠭᠠᠯᠳᠤᠭᠴᠢ ᠰᠢᠭᠦᠬᠦ ᠬᠣᠷᠢᠶᠠᠨ ᠳᠤ ᠭᠡᠷ᠎ᠡ  ᠶᠢ ᠳᠠᠭᠤᠰᠬᠠᠬᠤ  ᠪᠠᠷ ᠱᠠᠭᠠᠷᠳᠠᠭᠰᠠᠨ ᠭᠤᠶᠤᠴᠢᠯᠠᠯ ᠭᠠᠷᠭᠠᠵᠤ ᠂ ᠬᠡᠷᠡᠭ ᠲᠦ ᠬᠣᠯᠪᠣᠭᠳᠠᠭᠰᠠᠨ ᠲᠡᠷᠭᠡ ᠶᠢ ᠪᠤᠴᠠᠭᠠᠵᠤ ᠠᠪᠬᠤ ᠭᠡᠪᠡ᠂ ᠰᠢᠭᠦᠬᠦ ᠬᠣᠷᠢᠶ᠎ᠠ ᠬᠢᠨᠠᠨ ᠪᠠᠶᠢᠴᠠᠭᠠᠬᠤ  ᠪᠠᠷ ᠳᠠᠮᠵᠢᠭᠤᠯᠵᠤ  ᠭᠤᠶᠤᠴᠢᠯᠠᠯ ᠨᠢ ᠬᠠᠤᠯᠢ ᠴᠠᠭᠠᠵᠠ ᠶᠢᠨ ᠲᠣᠭᠲᠠᠭᠠᠯ ᠳᠤ  ᠨᠡᠢᠴᠡᠬᠦ ᠶᠢ ᠪᠠᠲᠤᠯᠠᠵᠤ᠂ ᠲᠡᠷᠭᠡ ᠶᠢ ᠠᠪᠴᠤ ᠶᠠᠪᠤᠬᠤ ᠶᠢ ᠵᠥᠪᠰᠢᠶᠡᠷᠡᠪᠡ ᠃ ᠸᠠᠩ ᠰᠦᠨ ᠵᠦ  ᠲᠡᠷᠭᠡ ᠶᠢ ᠬᠠᠤᠯᠢ ᠶᠣᠰᠣᠭᠠᠷ ᠳᠠᠷᠤᠵᠤ  ᠠᠪᠬᠤ ᠭᠡᠬᠦ ᠳᠤ᠂ ᠂ ᠬᠡᠷᠡᠭ ᠦᠨ ᠭᠠᠳᠠᠨᠠᠬᠢ ᠬᠥᠮᠦᠨ  ᠰ᠊ ᠣᠪᠣᠭᠲᠤ ᠲᠤᠰ ᠮᠠᠰᠢᠨ ᠲᠡᠷᠭᠡ ᠶᠢᠨ ᠲᠦᠯᠬᠢᠭᠦᠷ ᠢ ᠬᠠᠤᠯᠢ ᠪᠤᠰᠤ ᠪᠠᠷ ᠰᠠᠭᠤᠯᠭᠠᠨ ᠠᠪᠴᠤ ᠂ ᠵᠠᠭᠠᠯᠳᠤᠭᠳᠠᠭᠴᠢ  ᠲᠡᠭᠦᠨ ᠡᠴᠡ ᠬᠣᠶᠠᠷ ᠲᠦᠮᠡᠨ ᠲᠥᠭᠥᠷᠢᠭ ᠵᠢᠭᠡᠯᠡᠭᠡᠳ ᠪᠤᠴᠠᠭᠠᠭᠰᠠᠨ ᠦᠭᠡᠢ ᠂ ᠤᠷᠢᠳᠠᠪᠠᠷ ᠲᠡᠭᠦᠨ ᠳᠦ ᠥᠷᠢ ᠲᠦᠯᠦᠵᠦ ᠥᠭᠬᠦ ᠬᠡᠷᠡᠭᠲᠠᠢ ᠭᠡᠪᠡ᠃   ᠡᠨᠡ ᠦᠢ᠎ᠡ ᠳᠦ  ᠸᠠᠩ ᠰᠦᠨ ᠵᠦ ᠲᠡᠭᠦᠨ ᠳᠤ ᠦᠵᠡᠯ ᠰᠠᠨᠠᠭᠠᠨ ᠤ ᠠᠵᠢᠯ ᠢ ᠬᠦᠯᠢᠴᠡᠩᠭᠦᠶ ᠪᠡᠷ ᠬᠢᠵᠦ ᠂ ᠲᠤᠰ ᠬᠡᠷᠡᠭ   ᠤᠨ ᠶᠣᠰᠤ  ᠤᠴᠢᠷ ᠢ  ᠨᠠᠷᠢᠯᠢᠭ ᠲᠠᠢᠯᠪᠤᠢᠯᠠᠨ ᠬᠡᠯᠡᠭᠰᠡᠨ ᠳᠤ᠂ ᠬᠡᠷᠡᠭ ᠦᠨ ᠭᠠᠳᠠᠨᠠᠬᠢ ᠬᠥᠮᠦᠨ ᠳᠦ ᠰ᠊ ᠣᠪᠣᠭᠲᠤ ᠲᠡᠭᠦᠨ ᠦ ᠳᠣᠲᠣᠷᠠᠬᠢ ᠶᠣᠰᠣ ᠤᠴᠢᠷ ᠢ ᠡᠴᠦᠰ ᠲᠡᠬᠡᠨ ᠣᠯᠵᠤ ᠮᠡᠳᠡᠵᠦ᠂ ᠰᠢᠭᠦᠬᠦ ᠲᠤᠰᠢᠶᠠᠯᠲᠠᠨ ᠲᠠᠢ ᠬᠠᠮᠲᠤᠪᠠᠷ ᠰᠠᠬᠢᠨ ᠬᠠᠷᠠᠬᠤ ᠭᠠᠵᠠᠷ  ᠬᠦᠷᠴᠦ ᠵᠣᠭᠤᠰ ᠵᠢᠭᠡᠯᠡᠭᠰᠡᠨ ᠤᠴᠢᠷ ᠢ ᠵᠦᠪᠳᠡᠯᠴᠡᠬᠦ ᠪᠡᠷ ᠪᠣᠯᠪᠠ᠃ ᠵᠠᠭᠠᠯᠳᠤᠭᠳᠠᠭᠴᠢ  ᠡᠷ᠎ᠡ ᠡᠮ᠎ᠡ ᠬᠤᠶᠠᠷ ᠡᠴᠡ ᠬᠤᠶᠠᠷ ᠬᠡᠤᠬᠡᠳ ᠲᠠᠢ ᠪᠠᠢᠵᠤ ᠶᠡᠬᠡ ᠨᠢ8᠎ ᠨᠠᠰᠤᠲᠠᠢ᠂ ᠪᠠᠭ᠎ᠠ ᠨᠢ 5᠎ ᠨᠠᠰᠤᠲᠠᠢ ᠪᠠᠢᠵᠤ᠂ ᠵᠠᠭᠠᠯᠳᠤᠭᠴᠢ ᠡᠴᠡ ᠬᠦᠴᠢᠷᠲᠠᠢ  ᠪᠡᠨ ᠲᠤᠰᠠᠯᠠᠬᠤ ᠰᠠᠢᠬᠠᠨ ᠰᠤᠷᠲᠠᠯ ᠪᠠᠲᠠᠷᠠᠭᠤᠯᠤᠨ᠎ᠠ ᠤᠤ  ᠭᠡᠬᠦ ᠳᠤ ᠵᠠᠭᠠᠯᠳᠤᠭᠴᠢ ᠪᠠᠷᠢᠨ ᠳᠣᠣᠷ᠎ᠠ ᠨᠢ ᠵᠦᠪᠰᠢᠶᠠᠷᠡᠵᠦ4200᠎ ᠲᠥᠭᠦᠷᠢᠭ ᠬᠠᠨᠳᠢᠪᠯᠠᠵᠤ᠂ ᠬᠣᠵᠢᠮ ᠪᠠᠰᠠ ᠦᠷᠭᠦᠯᠵᠢᠯᠡᠨ ᠲᠤᠰᠠᠯᠠᠨ᠎ᠠ ᠭᠡᠰᠡᠨ  ᠪᠠᠢᠨ᠎ᠠ ᠃

 

 ᠸᠠᠩ ᠰᠦᠨ ᠵᠦ ᠠᠵᠢᠯ  ᠤᠨ ᠪᠠᠢᠷᠢ ᠳᠤ ᠬᠣᠷᠢ ᠭᠠᠷᠤᠢ ᠵᠢᠯ  ᠪᠠᠢᠵᠤ  ᠂ 1000᠎ ᠭᠠᠷᠤᠶ ᠬᠡᠷᠡᠭ ᠢ ᠬᠦᠯᠢᠶᠡᠨ ᠠᠪᠴᠤ  ᠰᠢᠢᠳᠪᠦᠷᠢᠯᠡᠵᠦ ᠪᠢᠯᠡ ᠂ ᠲᠡᠷᠡ ᠬᠡᠷᠡᠭ ᠰᠢᠶᠳᠪᠦᠷᠢᠯᠡᠬᠦ  ᠳᠤ ᠪᠡᠨ᠂ ᠴᠢᠩᠭ᠎ᠠ ᠨᠢᠮᠪᠠᠶ ᠂ ᠨᠠᠷᠢᠨ  ᠬᠢᠨᠠᠮᠠᠭᠠᠢ ᠂ ᠡᠷᠡᠰ ᠰᠢᠭᠤᠷᠬᠠᠶ ᠂ ᠲᠢᠩᠬᠢᠮ ᠦᠨ ᠰᠢᠭᠦᠯᠲᠡ ᠶᠢ ᠡᠵᠡᠮᠳᠡᠬᠦ ᠴᠢᠳᠠᠪᠤᠷᠢ ᠴᠢᠩᠭ᠎ᠠ  ᠪᠠᠢᠳᠠᠭ ᠡᠴᠡ᠂ ᠲᠡᠭᠦᠨ ᠦ ᠡᠷᠬᠢᠯᠡᠭᠰᠡᠨ 1000᠎ ᠭᠠᠷᠤᠶ ᠬᠡᠷᠡᠭ ᠲᠤ ᠂ ᠳᠡᠭᠡᠭᠰᠢ ᠵᠠᠭᠠᠯᠳᠤᠵᠤ᠂ ᠲᠠᠰᠤᠯᠠᠯᠲᠠ ᠢ ᠥᠭᠡᠷᠡᠴᠢᠯᠡᠬᠦ ᠂ ᠪᠤᠴᠠᠭᠠᠵᠤ ᠳᠠᠬᠢᠨ  ᠰᠢᠭᠦᠬᠦ ᠂ ᠬᠤᠭᠤᠴᠠᠭ᠎ᠠ ᠬᠡᠲᠦᠷᠡᠭᠦᠯᠦᠨ ᠰᠢᠭᠦᠭᠰᠡᠨ ᠬᠡᠷᠡᠭ ᠂ ᠳᠠᠭᠤᠰᠬᠠᠭᠰᠠᠨ ᠦᠭᠡᠢ  ᠬᠡᠷᠡᠭ᠂ ᠪᠤᠷᠤᠭᠤ ᠬᠡᠷᠡᠭ ᠂ ᠳᠡᠭᠡᠭᠰᠢ ᠰᠤᠷᠪᠤᠯᠵᠢᠯᠠᠭᠰᠠᠨ ᠬᠡᠷᠡᠭ  ᠵᠡᠷᠭᠡ ᠤᠴᠢᠷ ᠶᠠᠪᠤᠳᠠᠯ ᠨᠢᠭᠡ ᠴᠦ ᠭᠠᠷᠤᠭᠰᠠᠨ ᠦᠭᠡᠢ ᠪᠠᠢᠵᠤ᠂ ᠰᠢᠭᠦᠵᠦ ᠳᠠᠭᠤᠰᠬᠠᠭᠰᠠᠨ ᠨᠤᠷᠮ᠎ᠠ ᠨᠢ 100᠎ % ᠂ ᠣᠨᠣᠪᠴᠢᠲᠤ ᠨᠤᠷᠮ᠎ᠠ ᠨᠢ 100᠎ % ᠂ ᠡᠶᠡᠳᠡᠭᠦᠯᠭᠡ ᠶᠢᠨ ᠨᠤᠷᠮ᠎ᠠ ᠶᠢ 90᠎ % ᠂ ᠠᠷᠠᠳ ᠲᠦᠮᠡᠨ ᠦ ᠰᠡᠳᠬᠢᠯ ᠬᠠᠨᠤᠮᠵᠢᠲᠠᠶ ᠨᠤᠷᠮ᠎ᠠ ᠨᠢ 100᠎ %  ᠪᠣᠯᠤᠭᠰᠠᠨ ᠪᠠᠢᠨ᠎ᠠ᠃  ᠡᠭᠦᠨ ᠤ ᠳᠠᠭᠠᠤ ᠳᠤ ᠲᠡᠭᠦᠨ ᠦ  ᠬᠥᠮᠦᠵᠢᠭᠦᠯᠦᠯ ᠳᠣᠣᠷ᠎ᠠ ᠂ ᠨᠢᠭᠡ ᠪᠦᠯᠦᠭ ᠡᠶᠡᠳᠡᠭᠦᠯᠬᠦ ᠴᠢᠳᠠᠪᠤᠷᠢᠲᠠᠨ  ᠴᠤᠯᠭᠠᠷᠠᠨ ᠭᠠᠷᠴᠤ ᠂ ᠬᠠᠷᠢᠶ᠎ᠠ ᠣᠷᠣᠨ ᠤ ᠪᠠᠨ ᠨᠡᠶᠢᠭᠡᠮ ᠦᠨ ᠡᠶ᠎ᠡ ᠵᠣᠬᠢᠴᠠᠯ ᠲᠠᠶ ᠲᠣᠭᠲᠠᠭᠤᠨ ᠪᠠᠶᠢᠳᠠᠯ ᠢ ᠠᠬᠢᠭᠤᠯᠬᠤ ᠶᠢᠨ ᠲᠥᠯᠥᠭᠡ ᠢᠳᠡᠪᠬᠢᠲᠡᠶ ᠬᠤᠪᠢ ᠨᠡᠮᠡᠷᠢ ᠦᠵᠡᠭᠦᠯᠦᠭᠰᠡᠨ ᠪᠠᠶᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )