ᠭᠦᠢᠴᠡᠳᠬᠡᠬᠦ ᠹᠷᠣᠨᠲ᠋ ᠳᠡᠭᠡᠷᠡᠬᠢ 《 ᠰᠢᠷᠭᠠᠭᠤ ᠠᠵᠢᠯᠯᠠᠭᠴᠢ》
2016.07.14 ᠲᠣᠰ ᠥᠷᠲᠡᠭᠡᠨ ᠦ ᠨᠠᠢᠷᠠᠭᠤᠯᠤᠭᠴᠢ

—— ᠦᠦᠰᠢᠨ ᠬᠣᠰᠢᠭᠤ ᠠᠷᠠᠳ ᠤᠨ ᠰᠢᠭᠦᠬᠦ ᠬᠣᠷᠢᠶ᠎ᠠ ᠭᠦᠢᠴᠡᠳᠬᠡᠬᠦ ᠺᠠᠳ᠋ᠷ ᠴᠠᠭᠳᠠᠭ᠎ᠠ  ᠰᠢᠶᠣᠤ ᠸᠧᠨ ᠵᠢᠶᠸ ᠶᠢᠨ ᠲᠡᠷᠢᠭᠦᠨ ᠦ ᠦᠢᠯᠡ ᠠᠵᠢᠯᠯᠠᠭ᠎ᠠ

6᠎ ᠰᠠᠷ᠎ᠠ  ᠶᠢᠨ 23᠎ ᠤ ᠣᠷᠣᠶ ᠂ ᠦᠦᠰᠢᠨ ᠬᠣᠰᠢᠭᠤᠨ ᠤ ᠠᠷᠠᠳ ᠤᠨ ᠰᠢᠭᠦᠬᠦ  ᠬᠣᠷᠢᠶᠠᠨ ᠤ ᠺᠠᠳ᠋ᠷ ᠴᠠᠭᠳᠠᠭ᠎ᠠ ᠰᠢᠶᠣᠤ ᠸᠧᠨ ᠵᠢᠶᠸ  ᠨᠥ᠋ᠬᠦᠷ ᠦᠷᠭᠦᠯᠵᠢᠯᠡᠨ ᠨᠢᠭᠡ ᠡᠳᠦᠷ  ᠠᠵᠢᠯᠯᠠᠭᠰᠠᠨ  ᠤ ᠳᠠᠷᠠᠭ᠎ᠠ ᠂ ᠰᠥᠨᠢ ᠶᠢᠨ ᠠᠷᠪᠠᠨ ᠴᠠᠭ ᠲᠤ ᠬᠦᠷᠲᠡᠯ᠎ᠡ ᠴᠠᠭ ᠨᠡᠮᠡᠵᠦ  ᠠᠵᠢᠯᠯᠠᠭᠠᠳ᠂ ᠭᠡᠷ ᠲᠡᠬᠡᠨ ᠬᠠᠷᠢᠬᠤ ᠵᠠᠮ ᠳᠠᠭᠠᠨ ᠭᠡᠨᠡᠳᠲᠡ ᠵᠢᠷᠦᠬᠡᠨ ᠤ ᠲᠦᠭᠵᠢᠷᠡᠯ ᠡᠭᠦᠰᠴᠦ ᠂ ᠢᠦᠶ ᠯᠢᠨ ᠬᠣᠲᠠ  ᠶᠢᠨ ᠨᠢᠭᠡᠳᠦᠭᠡᠷ ᠡᠮᠨᠡᠯᠭᠡ ᠶᠢᠨ ᠬᠣᠷᠢᠶ᠎ᠠ ᠳᠤ ᠬᠦᠷᠭᠡᠵᠦ  ᠪᠠᠴᠢᠮ ᠠᠪᠤᠷᠠᠯᠳᠠ ᠬᠢᠭᠰᠡᠨ ᠪᠠᠶᠢᠨ᠎ᠠ ᠃

ᠰᠢᠶᠣᠤ ᠸᠧᠨ ᠵᠢᠶᠸ ᠨᠥ᠋ᠬᠦᠷ ᠂ ᠣᠳᠣ ᠦᠦᠰᠢᠨ ᠬᠣᠰᠢᠭᠤ ᠠᠷᠠᠳ ᠤᠨ ᠰᠢᠭᠦᠬᠦ ᠬᠣᠷᠢᠶ᠎ᠠ ᠭᠦᠢᠴᠡᠳᠬᠡᠬᠦ  ᠬᠣᠶᠠᠳᠤᠭᠠᠷ  ᠲᠣᠪᠴᠢᠶᠠᠨ ᠤ ᠨᠢᠭᠡ ᠡᠩ ᠦᠨ ᠭᠦᠢᠴᠡᠳᠬᠡᠬᠦ ᠺᠠᠳ᠋ᠷ ᠴᠠᠭᠳᠠᠭ᠎ᠠ ᠪᠣᠯᠤᠨ᠎ᠠ᠃  ᠲᠡᠷᠡ1983᠎   ᠣᠨ ᠤ5᠎ ᠰᠠᠷ᠎ᠠ ᠳᠤ  ᠲᠥᠷᠦᠪᠡ ᠂ ᠬᠢᠲᠠᠳ ᠦᠨᠳᠦᠰᠦᠲᠡᠨ ᠂ ᠦᠦᠰᠢᠨ ᠬᠣᠰᠢᠭᠤᠨ ᠤ ᠬᠥᠮᠦᠨ ᠂ 1999᠎ ᠣᠨ ᠳᠤ ᠠᠵᠢᠯ ᠳᠤ ᠣᠷᠣᠪᠠ ᠃ ᠦᠨᠳᠦᠰᠦᠨ ᠱᠠᠲᠤᠨ ᠳᠤ  ᠠᠷᠪᠠᠨ ᠵᠢᠯ  ᠬᠠᠲᠠᠭᠤᠵᠢᠨ ᠪᠤᠯᠪᠠᠰᠤᠷᠠᠭᠰᠠᠨ ᠤ ᠳᠠᠷᠠᠭ᠎ᠠ ᠂ 2008᠎ ᠣᠨ ᠤ 10᠎ ᠰᠠᠷ᠎ᠠ ᠳᠤ ᠦᠦᠰᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠠᠵᠢᠯ ᠰᠢᠯᠵᠢᠨ ᠢᠷᠡᠵᠦ ᠂ ᠦᠤᠰᠢᠨᠵᠤᠤ ᠰᠢᠭᠦᠬᠦ ᠲᠢᠩᠬᠢᠮ ᠳᠤ 6᠎ ᠵᠢᠯ  ᠠᠵᠢᠯᠯᠠᠪᠠ ᠃ 2014᠎ ᠣᠨ ᠳᠤ ᠠᠵᠢᠯ ᠰᠢᠯᠵᠢᠨ ᠂ ᠭᠦᠢᠴᠡᠳᠬᠡᠬᠦ  ᠬᠣᠶᠠᠳᠤᠭᠠᠷ ᠲᠣᠪᠴᠢᠶᠠᠨ ᠳᠤ ᠠᠵᠢᠯᠯᠠᠵᠤ ᠂ ᠲᠡᠭᠦᠨ ᠦ ᠭᠦᠢᠴᠡᠳᠬᠡᠬᠦ ᠠᠯᠪᠠ ᠶᠢᠨ ᠵᠠᠮ ᠢᠶᠡᠨ ᠡᠬᠢᠯᠡᠭᠦᠯᠪᠡ ᠃ ᠰᠢᠭᠦᠬᠦ ᠬᠣᠷᠢᠶᠠᠨ ᠳᠤ ᠠᠵᠢᠯᠯᠠᠭᠰᠠᠨ ᠨᠠᠶᠮᠠᠨ ᠵᠢᠯ ᠦᠨ ᠬᠤᠭᠤᠴᠠᠭᠠᠨ ᠳᠤ ᠂ ᠲᠡᠷᠡ ᠶᠡᠷᠦ ᠨᠢ ᠶᠠᠳᠠᠷᠠᠵᠤ ᠵᠦᠳᠡᠷᠡᠬᠦ ᠡᠴᠡ ᠬᠠᠯᠠᠰᠢᠷᠠᠬᠤ ᠦᠭᠡᠢ ᠂ ᠡᠭᠦᠷᠭᠡ ᠬᠠᠷᠢᠭᠤᠴᠠᠯᠭ᠎ᠠ ᠪᠠᠨ ᠪᠦᠷᠢᠨ ᠭᠦᠢᠴᠡᠳᠬᠡᠵᠦ ᠂ ᠥᠪᠡᠷ ᠦᠨ ᠠᠵᠢᠯ ᠤᠨ ᠪᠠᠶᠢᠷᠢ ᠪᠠᠨ ᠪᠠᠲᠤ  ᠰᠠᠬᠢᠳᠠᠭ ᠃ ᠥᠨᠦᠳᠦᠷ ᠲᠡᠷᠡ ᠪᠡᠷ ᠰᠢᠭᠦᠬᠦ   ᠬᠣᠷᠢᠶᠠᠨ ᠤ ᠬᠠᠮᠤᠭ ᠤᠨ ᠬᠠᠲᠠᠭᠤᠵᠢᠯᠲᠠᠶ ᠭᠦᠢᠴᠡᠳᠬᠡᠬᠦ ᠹᠷᠣᠨᠲ᠋ ᠳᠡᠭᠡᠷ᠎ᠡ ᠂ ᠲᠡᠷᠡ ᠮᠥᠨ ᠨᠢᠭᠡ ᠯᠡ ᠰᠡᠳᠬᠢᠯ  ᠢᠶᠡᠷ ᠬᠡᠷᠡᠭ ᠢ ᠭᠦᠢᠴᠡᠳᠬᠡᠬᠦ ᠲᠠᠯ᠎ᠠ ᠪᠠᠷ ᠵᠢᠳᠬᠦᠵᠦ ᠂ ᠤᠯᠠᠨ ᠢᠶᠠᠷ ᠢᠶᠠᠨ ᠪᠦᠷ ᠲᠡᠭᠦᠨ ᠢ 《ᠰᠢᠷᠭᠠᠭᠤ ᠠᠵᠢᠯᠯᠠᠭᠴᠢ 》᠎ ᠭᠡᠳᠡᠭ ᠃

2016ᠤᠨ ᠤ4᠎ ᠰᠠᠷ᠎ᠠ ᠳᠤ ᠂ ᠦᠦᠰᠢᠨ  ᠬᠣᠰᠢᠭᠤᠨ ᠤ ᠰᠢᠭᠦᠬᠦ ᠬᠣᠷᠢᠶᠠᠨ ᠤ 《 ᠭᠦᠢᠴᠡᠳᠬᠡᠬᠦ ᠵᠢᠯ 》᠎ ᠤᠨ ᠲᠤᠰᠬᠠᠶ ᠲᠦᠷᠦᠯ   ᠤᠨ  ᠠᠵᠢᠯᠠᠯᠭ᠎ᠠ ᠥᠷᠨᠢᠭᠦᠯᠦᠭᠰᠡᠨ ᠡᠴᠡ ᠨᠠᠰᠢ ᠂ ᠰᠢᠶᠣᠤ ᠸᠧᠨ ᠵᠢᠶᠸ ᠨᠥᠬᠥᠷ  ᠢᠮᠠᠭᠲᠠ ᠭᠦᠢᠴᠡᠳᠬᠡᠬᠦ ᠠᠵᠢᠯ ᠤᠨ ᠨᠢᠭᠡᠳᠦᠭᠡᠷ ᠹᠷᠣᠨᠲ᠋ ᠲᠤ  ᠰᠢᠷᠭᠠᠭᠤ ᠠᠵᠢᠯᠯᠠᠵᠤ ᠂ ᠤᠷᠲᠤ ᠴᠠᠭ ᠡᠭᠡᠯᠵᠢ ᠨᠡᠮᠡᠵᠦ ᠴᠠᠭ ᠨᠡᠮᠡᠵᠦ  ᠠᠵᠢᠯᠯᠠᠯᠨ ᠂ ᠠᠮᠠᠷᠠᠬᠤ ᠴᠠᠭ   ᠢᠶᠡᠨ ᠤᠮᠠᠷᠲᠠᠨ᠂ 40᠎ ᠭᠠᠷᠤᠢ  ᠬᠡᠷᠡᠭ ᠢ ᠤᠷᠤᠭᠰᠢᠲᠠᠶ ᠭᠦᠢᠴᠡᠳᠬᠡᠨ  ᠳᠠᠭᠤᠰᠬᠠᠪᠠ᠃ ᠨᠢᠭᠡ ᠰᠠᠷ᠎ᠠ ᠶᠢᠨ ᠬᠤᠭᠤᠴᠠᠭ᠎ᠠ ᠲᠠᠶ ᠲᠥᠪᠯᠡᠷᠡᠭᠦᠯᠦᠨ ᠭᠦᠢᠴᠡᠳᠬᠡᠬᠦ ᠠᠵᠢᠯᠯᠠᠭ᠎ᠠ ᠶᠢ ᠰᠠᠶ᠋ᠢᠬᠠᠨ ᠳᠠᠭᠤᠰᠴᠤ ᠂ 《 ᠲᠠᠯ᠎ᠠ ᠨᠤᠲᠤᠭ ᠤᠨ ᠰᠢᠭᠤᠷᠭ᠎ᠠ 》᠎ ᠳᠠᠶᠢᠯᠠᠯᠳᠤᠭᠠᠨ ᠳᠠᠬᠢᠨ ᠨᠢᠭᠡ ᠤᠳᠠᠭ᠎ᠠ ᠠᠵᠢᠯᠯᠠᠭ᠎ᠠ ᠡᠬᠢᠯᠡᠭᠦᠯᠵᠦ ᠂ ᠲᠡᠷᠡ  ᠳᠠᠬᠢᠨ ᠨᠢᠭᠡ ᠤᠳᠠᠭ᠎ᠠ ᠪᠦᠬᠦ ᠰᠡᠳᠬᠢᠯ ᠪᠦᠬᠦ ᠵᠣᠷᠢᠭ  ᠪᠡᠷ ᠠᠵᠢᠯ ᠤᠨ ᠳᠤᠮᠳᠠ  ᠣᠷᠤᠵᠤ᠂ ᠦᠬᠠᠨ ᠵᠡᠷᠭᠡ ᠭᠠᠵᠠᠷ ᠲᠤ  ᠵᠠᠯᠭᠠᠪᠡᠷ ᠠᠯᠪᠠᠨ ᠠᠵᠢᠯ ᠢᠶᠠᠷ ᠭᠠᠳᠠᠭᠰᠢ ᠭᠠᠷᠤᠨ ᠬᠠᠭᠠᠰ ᠰᠠᠷ᠎ᠠ ᠢᠯᠡᠭᠦᠦ ᠪᠣᠯᠤᠭᠰᠠᠨ ᠤ ᠬᠣᠶᠢᠨ᠎ᠠ ᠂ ᠬᠡᠲᠦᠷᠬᠡᠶ ᠶᠠᠳᠠᠷᠠᠵᠤ ᠵᠦᠳᠡᠷᠡᠭᠰᠡᠨ ᠡᠴᠡ ᠪᠤᠯᠵᠤ  ᠭᠡᠷ ᠲᠡᠬᠡᠨ ᠬᠠᠷᠢᠬᠤ  ᠵᠠᠮ ᠳᠤ ᠪᠡᠨ ᠡᠪᠡᠳᠴᠢᠯᠡᠭᠰᠡᠨ ᠪᠠᠢᠨ᠎ᠠ ᠃

 

ᠦᠨᠳᠦᠰᠦᠨ ᠱᠠᠲᠤᠨ ᠤ ᠠᠵᠢᠯ ᠤᠨ ᠳᠤᠮᠳᠠ ᠂ ᠲᠡᠷᠡ ᠤᠯᠠᠨ ᠲᠦᠮᠡᠨ ᠦ ᠵᠣᠪᠠᠨᠢᠯ ᠢ ᠠᠷᠢᠯᠭᠠᠳᠠᠭ

ᠦᠨᠳᠦᠰᠦᠨ ᠱᠠᠲᠤᠨ ᠤ ᠰᠢᠭᠦᠬᠦ ᠲᠢᠩᠬᠢᠮ ᠳᠤ ᠠᠵᠢᠯᠯᠠᠭᠰᠠᠨ ᠵᠢᠷᠭᠤᠭᠠᠨ ᠵᠢᠯ ᠳᠦ ᠂ ᠰᠢᠶᠣᠤ ᠸᠧᠨ ᠵᠢᠶᠸ ᠨᠥᠬᠥᠷ ᠤᠳᠤᠷᠢᠳᠤᠯᠭ᠎ᠠ ᠪᠣᠯᠤᠨ ᠤᠯᠡᠠ ᠲᠦᠮᠡᠨ ᠦ ᠰᠠᠨᠠᠯ ᠨᠢᠭᠡᠲᠡᠶ  ᠮᠠᠭᠲᠠᠭᠠᠯ ᠢ ᠣᠯᠤᠭᠰᠠᠨ ᠪᠠᠢᠨ᠎ᠠ ᠃ ᠦᠤᠰᠢᠨᠵᠤᠤ ᠳᠤ ᠰᠢᠭᠦᠬᠦ ᠲᠢᠩᠬᠢᠮ ᠦᠨ ᠪᠢᠴᠢᠭᠡᠴᠢ  ᠳᠤᠰᠢᠶᠠᠯ ᠢ ᠬᠠᠷᠢᠭᠤᠴᠠᠵᠤ ᠪᠠᠢᠬᠤ ᠦᠶ᠎ᠡ ᠳᠦ ᠂ ᠨᠢᠭᠡᠨ ᠡᠴᠢᠭᠡ ᠡᠬᠡ ᠨᠢ ᠬᠦᠦ ᠪᠡᠨ  ᠵᠠᠭᠠᠯᠳᠤᠭᠰᠠᠨ ᠠᠴᠢᠯᠠᠨ ᠲᠡᠵᠢᠭᠡᠯᠬᠡᠭᠦ  ᠬᠠᠮᠢᠶᠠᠲᠠᠢ  ᠵᠠᠷᠭᠠᠯᠳᠤᠭᠠᠨ ᠲᠠᠢ ᠬᠠᠷᠭᠤᠭᠰᠠᠨ ᠪᠠᠢᠨ᠎ᠠ᠃ ᠡᠷᠬᠢᠯᠡᠨ ᠰᠢᠭᠦᠬᠦ  ᠭᠣᠣᠯ ᠲᠤᠰᠢᠶᠠᠯᠲᠠᠨ  ᠲᠡᠭᠦᠨ ᠢ ᠲᠢᠩᠬᠢᠮ ᠨᠡᠭᠡᠭᠡᠬᠦ ᠡᠴᠡ ᠡᠮᠦᠨᠡᠬᠢ ᠪᠠᠶᠢᠴᠠᠭᠠᠯᠲᠠ ᠶᠢᠨ ᠲᠡᠮᠳᠡᠭᠯᠡᠯ ᠬᠢᠬᠦ  ᠶᠢ  ᠲᠤᠰᠢᠶᠠᠨ ᠥᠭᠬᠦ ᠦᠶ᠎ᠡ ᠳᠦ ᠂ ᠲᠡᠷᠡ ᠲᠤᠬᠠᠶ ᠶᠢᠨ ᠬᠥᠮᠦᠨ ᠦ ᠭᠡᠷ ᠲᠦ  ᠭᠦᠨᠵᠡᠭᠡᠢᠷᠡᠨ᠂ ᠵᠢᠭᠤᠷᠠᠯᠳᠤᠭᠠᠨ ᠤᠴᠢᠷ ᠰᠢᠯᠲᠠᠭᠠᠨ ᠢ ᠨᠢ ᠨᠠᠷᠢᠨ ᠨᠢᠮᠪᠠᠶ ᠬᠢᠨᠠᠨ ᠪᠠᠶᠢᠴᠠᠭᠠᠵᠤ ᠂ ᠠᠰᠠᠭᠤᠳᠠᠯ ᠤᠨ ᠬᠠᠮᠤᠭ ᠤᠨ ᠭᠣᠣᠯ ᠡᠬᠢ ᠰᠤᠷᠪᠤᠯᠵᠢ ᠨᠢ ᠵᠠᠭᠠᠯᠳᠤᠭᠴᠢ  ᠶᠢᠨ ᠬᠦᠦ ᠪᠡᠷᠢ ᠶᠢᠨ ᠪᠡᠶ᠎ᠡ ᠳᠡᠭᠡᠷ᠎ᠡ ᠪᠠᠢᠵᠤ᠂  ᠭᠡᠪᠡᠴᠦ ᠬᠦᠦ  ᠪᠡᠷᠢ ᠨᠢ ᠬᠡᠷᠡᠭ ᠤᠨ ᠲᠤᠬᠠᠢ ᠢ ᠬᠥᠮᠦᠨ  ᠪᠢᠰᠢ ᠮᠥᠷᠲᠡᠭᠡᠨ  ᠨᠡᠪᠲᠡᠷᠡᠯᠴᠡᠨ ᠣᠢᠯᠭᠠᠬᠤ ᠳᠤ ᠮᠠᠰᠢ ᠲᠦᠪᠡᠭ ᠪᠠᠢᠵᠤ᠂ ᠬᠡᠷᠡᠭ ᠢ ᠡᠶᠡᠳᠡᠭᠦᠯᠬᠦ ᠮᠠᠰᠢ ᠬᠦᠴᠢᠷ ᠲᠡᠶ  ᠪᠠᠢᠪᠠ ᠃ ᠬᠣᠶᠠᠷ ᠲᠠᠯ᠎ᠠ ᠶᠢᠨ ᠲᠤᠬᠠᠶ ᠶᠢᠨ ᠬᠥᠮᠦᠨ ᠨᠢᠭᠡ ᠭᠡᠷ ᠦᠨ ᠬᠥᠮᠦᠰ  ᠪᠠᠢᠵᠤ᠂   ᠰᠢᠭᠦᠨ ᠲᠠᠰᠤᠯᠠᠯᠲᠠ ᠬᠢᠭᠰᠡᠭᠡᠷ ᠲᠡᠳᠡᠨᠦᠰ ᠤᠨ ᠬᠣᠭᠤᠷᠤᠨᠳᠤᠬᠢ ᠬᠠᠢᠷ᠎ᠠ ᠰᠡᠳᠬᠢᠯᠭᠡ ᠨᠢ ᠰᠢᠷᠬᠠᠯᠠᠭ᠎ᠠ ᠪᠣᠯᠬᠤ ᠶᠢ ᠪᠣᠳᠤᠯᠬᠢᠯᠠᠵᠤ ᠂ ᠣᠯᠠᠨ ᠤᠳᠠᠭ᠎ᠠ ᠰᠠᠨᠠᠭᠠᠴᠢᠯᠠᠭ᠎ᠠ ᠠᠴᠠ ᠪᠠᠨ ᠲᠤᠬᠠᠶ ᠶᠢᠨ ᠬᠥᠮᠦᠨ ᠦ ᠭᠡᠷ ᠲᠦ ᠬᠦᠷᠴᠦ ᠂ ᠬᠦᠦ ᠪᠡᠷᠢ ᠳᠤ ᠨᠢ ᠦᠵᠡᠯ ᠰᠠᠨᠠᠭᠠᠨ ᠤ ᠠᠵᠢᠯ ᠢ ᠬᠦᠯᠢᠴᠡᠩᠭᠦᠶ ᠪᠥᠭᠡᠳ ᠨᠠᠷᠢᠨ ᠨᠢᠮᠪᠠᠶ ᠬᠢᠵᠦ ᠂  ᠰᠡᠳᠬᠢᠯ ᠢ ᠨᠢ  ᠬᠦᠳᠡᠯᠭᠡᠨ᠂ ᠶᠣᠰᠣ ᠤᠴᠢᠷ ᠢ  ᠮᠡᠳᠡᠭᠦᠯᠦᠭᠰᠠᠨ ᠪᠠᠢᠨ᠎ᠠ ᠃ ᠬᠦᠦ ᠪᠡᠷᠢ ᠨᠢ ᠡᠴᠦᠰ ᠲᠡᠬᠡᠨ ᠲᠡᠭᠦᠨ ᠦ ᠦᠢᠯᠡ ᠠᠵᠢᠯᠯᠠᠭ᠎ᠠ  ᠳᠤ ᠰᠡᠳᠬᠢᠯ ᠬᠥᠳᠡᠯᠵᠦ ᠂  ᠥᠪᠡᠷ ᠤᠨ ᠬᠢᠳᠡᠯ  ᠳᠤ ᠪᠡᠨ ᠭᠡᠮᠰᠢᠨ ᠄  ᠲᠠ ᠨᠢᠭᠡ ᠭᠠᠳᠠᠨᠠᠬᠢ ᠬᠥᠮᠦᠨ ᠪᠠᠢᠵᠤ ᠂ ᠮᠢᠨᠦ ᠬᠠᠳᠠᠮ ᠡᠵᠢ ᠠᠪᠤ ᠶᠢᠨ ᠲᠥᠯᠥᠭᠡ ᠂ ᠡᠶᠢᠮᠦ ᠶᠡᠬᠡ ᠬᠦᠴᠦ  ᠵᠠᠷᠤᠴᠠᠭᠤᠯᠵᠤ ᠪᠠᠢᠬᠤ ᠳᠤ ᠂ ᠪᠢ ᠲᠡᠳᠡᠨ ᠦ ᠲᠥᠷᠥᠯ ᠰᠠᠳᠤᠨ  ᠪᠠᠢᠭᠠᠳ᠂  ᠲᠡᠳᠡᠨᠤᠰ ᠲᠤ ᠨᠡᠩ  ᠰᠠᠢᠨ ᠬᠠᠨᠳᠤᠪᠠᠯ ᠵᠣᠬᠢᠨ᠎ᠠ  ᠭᠡᠪᠡ᠃ ᠡᠨᠡᠬᠦ ᠬᠡᠷᠡᠭ  ᠢ ᠠᠮᠵᠢᠯᠲᠠ  ᠡᠶᠡᠳᠡᠭᠦᠯᠦᠭᠰᠡᠨ ᠨᠢ᠂ ᠲᠤᠬᠠᠶ ᠶᠢᠨ ᠬᠥᠮᠦᠨ ᠦ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ ᠴᠢᠳᠠᠭᠰᠠᠨ ᠢᠶᠠᠷ ᠪᠠᠷᠠᠬᠤ ᠦᠭᠡᠢ ᠂ ᠪᠠᠰᠠ ᠨᠡᠶᠢᠭᠡᠮ ᠦᠨ ᠡᠶ᠎ᠡ ᠵᠣᠬᠢᠴᠠᠯ ᠪᠠ ᠲᠣᠭᠲᠠᠭᠤᠨ ᠪᠠᠶᠢᠳᠠᠯ ᠢ ᠠᠬᠢᠭᠤᠯᠪᠠ ᠃  ᠲᠡᠷᠡ ᠪᠣᠯ ᠢᠩᠬᠢᠵᠦ ᠲᠤᠬᠠᠢ ᠶᠢᠨ ᠬᠥᠮᠦᠨ ᠤ ᠬᠠᠮᠤᠭ ᠶᠡᠬᠡ ᠠᠰᠢᠭ ᠲᠤᠰᠠ ᠶᠢᠨ ᠡᠭᠦᠳᠡᠨ ᠡᠴᠡ ᠪᠣᠳᠤᠯᠬᠢᠯᠠᠵᠤ᠂ ᠤᠯᠠᠨ  ᠲᠦᠮᠡᠨ ᠤ ᠪᠣᠳᠤᠯ ᠰᠡᠳᠬᠢᠯᠭᠡ ᠲᠠᠢ ᠤᠶᠠᠯᠳᠤᠬᠤ ᠶᠢ  ᠬᠢᠴᠢᠶᠡᠳᠡᠭ ᠡᠴᠡ ᠥᠷᠭᠡᠨ ᠤᠯᠠᠨ ᠤ ᠬᠦᠷᠢᠶᠡᠯᠡᠯ ᠢ ᠣᠯᠤᠭᠰᠠᠨ ᠪᠠᠢᠳᠠᠭ᠃

 

ᠭᠦᠢᠴᠡᠳᠬᠡᠬᠦ ᠠᠵᠢᠯ ᠤᠨ ᠲᠠᠯ᠎ᠠ ᠪᠠᠷ ᠂ ᠲᠡᠷᠡ ᠤᠯᠠᠨ ᠲᠦᠮᠡᠨ ᠦ ᠬᠦᠴᠢᠷ ᠢ ᠰᠢᠢᠳᠪᠥᠷᠢᠯᠡᠳᠡᠭ

ᠭᠦᠢᠴᠡᠳᠬᠡᠬᠦ ᠪᠣᠯ  ᠰᠢᠭᠦᠨ ᠲᠠᠰᠤᠯᠠᠯᠲᠠ ᠶᠢᠨ ᠦᠷ᠎ᠡ ᠳ᠋ᠦᠩ ᠢ ᠨᠠᠢᠳᠠᠪᠤᠷᠢᠵᠢᠭᠤᠯᠬᠤ  ᠢ ᠬᠡᠯᠡᠵᠦ᠂ ᠬᠣᠬᠢᠷᠠᠯ ᠠᠮᠰᠠᠭᠴᠢ ᠶᠢᠨ ᠬᠠᠤᠯᠢ ᠶᠣᠰᠣᠨ ᠤ ᠡᠷᠬᠡ ᠠᠰᠢᠭ ᠢ  ᠪᠠᠲᠤᠯᠠᠵᠤ ᠂ ᠬᠠᠤᠯᠢ ᠴᠠᠭᠠᠵᠠ ᠶᠢᠨ ᠨᠡᠷ᠎ᠡ ᠬᠦᠨᠳᠦ ᠶᠢ ᠬᠠᠮᠠᠭᠠᠯᠠᠬᠤ ᠬᠠᠮᠤᠭ ᠤᠨ ᠡᠴᠦᠰ ᠦᠨ ᠨᠢᠭᠡ 《 ᠪᠠᠳ᠋ᠤᠯᠭᠠᠳ᠋ᠤ ᠣᠨᠢᠰᠤ 》᠎ ᠃ ᠭᠦᠢᠴᠡᠳᠬᠡᠬᠦ ᠠᠵᠢᠯ ᠢ ᠭᠦᠢᠴᠡᠳ  ᠰᠠᠢᠨ ᠬᠢᠭᠰᠡᠨ ᠦᠭᠡᠶ  ᠪᠣᠯ᠂ ᠬᠡᠳᠦᠶ ᠰᠠᠢᠨ ᠲᠠᠰᠤᠯᠤᠯᠲᠠ  ᠴᠦ ᠭᠡᠰᠡᠨ ᠂ ᠴᠥᠮ ᠬᠣᠭᠣᠰᠣᠨ ᠦᠭᠡ  ᠭᠡᠵᠦ ᠬᠡᠯᠡᠵᠦ ᠪᠣᠯᠳᠠᠭ ᠃ ᠡᠶᠢᠮᠦ ᠡᠴᠡ ᠂ ᠭᠦᠢᠴᠡᠳᠬᠡᠬᠦ ᠠᠵᠢᠯ  ᠨᠢ ᠬᠦᠴᠢᠷᠲᠠᠢ ᠮᠥᠷᠲᠡᠭᠡᠨ ᠶᠠᠳᠠᠷᠠᠯ ᠲᠠᠢ ᠪᠠᠢᠵᠤ ᠂ ᠡᠭᠦᠨ ᠦ ᠳᠡᠭᠡᠷ᠎ᠡ ᠴᠥᠭᠡᠨ ᠪᠤᠰᠤ ᠭᠦᠢᠴᠡᠳᠬᠡᠭᠳᠡᠭᠴᠢ ᠨᠢ ᠵᠣᠷᠢᠭᠤᠳᠠ ᠭᠦᠢᠴᠡᠳᠬᠡᠬᠦ ᠡᠴᠡ ᠰᠢᠯᠲᠠᠭᠯᠠᠨ ᠵᠠᠶᠢᠯᠠᠬᠤ ᠂ ᠭᠦᠢᠴᠡᠳᠬᠡᠬᠦ ᠠᠵᠢᠯ ᠢ ᠰᠠᠶᠢᠲᠤᠷ  ᠬᠢᠬᠦ ᠳᠤ᠂ ᠨᠡᠩ  ᠶᠡᠬᠡ ᠬᠦᠴᠢᠷ ᠪᠣᠯᠭᠠᠭᠰᠠᠨ ᠪᠠᠢᠨ᠎ᠠ᠃  ᠬᠦᠴᠢᠷ ᠪᠡᠷᠬᠡᠰᠢᠶᠡᠯ ᠲᠠᠢ ᠶᠢ ᠮᠡᠳᠡᠵᠦ ᠪᠠᠢᠭᠠᠳ ᠂ ᠢᠮᠠᠭᠲᠠ ᠰᠢᠷᠭᠠᠭᠤ ᠬᠢᠴᠢᠶᠡᠩᠭᠦᠶ ᠠᠵᠢᠯᠯᠠᠵᠤ  ᠪᠠᠢᠳᠠᠭ ᠰᠢᠶᠣᠤ ᠸᠧᠨ ᠵᠢᠶᠸ ᠬᠠᠷᠢᠨ ᠬᠦᠴᠢᠷ ᠪᠡᠷᠬᠡᠰᠢᠶᠡᠯ ᠢ ᠰᠦᠷᠦᠨ  ᠣᠷᠤᠳᠠᠭ᠃ ᠦ ᠂ ᠡᠯᠪᠡᠭ ᠪᠠᠶᠠᠯᠢᠭ ᠬᠡᠷᠡᠭ  ᠰᠢᠢᠳᠪᠦᠷᠢᠯᠡᠬᠦ ᠲᠤᠷᠰᠢᠯᠭ᠎ᠠ ᠲᠠᠶ ᠭᠦᠢᠴᠡᠳᠬᠡᠭᠴᠢ ᠪᠣᠯᠤᠭᠰᠠᠨ ᠤ ᠬᠤᠪᠢ ᠳᠤ ᠂ ᠰᠢᠶᠣᠤ ᠸᠧᠨ ᠵᠢᠶᠸ ᠤᠬᠤᠷᠢᠵᠤ  ᠪᠣᠯᠬᠤ ᠦᠭᠡᠢ ᠪᠡᠷ ᠦᠯᠦ ᠪᠠᠷᠠᠮ ᠂ ᠨᠡᠩ ᠴᠤ ᠪᠡᠶ᠎ᠡ ᠪᠡᠷ ᠢᠶᠡᠨ ᠬᠡᠪ ᠲᠤᠢᠷᠢᠮ ᠪᠣᠯᠬᠤ ᠬᠡᠷᠡᠭᠲᠡᠶ  ᠭᠡᠳᠡᠭ  ᠢ ᠳᠤᠲᠤᠷᠬᠠᠢ ᠮᠡᠳᠡᠳᠡᠭ᠃

ᠨᠢᠭᠡ ᠤᠳᠠᠭ᠎ᠠ ᠂ ᠨᠢᠭᠡᠨ ᠵᠠᠮ ᠬᠠᠷᠢᠯᠴᠠᠭᠠᠨ ᠤ ᠭᠡᠨᠡᠳᠡᠯ ᠭᠠᠷᠭᠠᠭᠰᠠᠨ ᠬᠡᠷᠡᠭ ᠦᠨ ᠳᠣᠲᠣᠷ᠎ᠠ ᠂ ᠬᠡᠷᠡᠭ  ᠤᠨ ᠲᠤᠬᠠᠶ ᠶᠢᠨ ᠬᠥᠮᠦᠨ ᠨᠢ ᠠᠵᠢᠯ ᠦᠭᠡᠢ ᠪᠠᠢᠵᠤ ᠂ ᠭᠡᠷ ᠪᠦᠯᠢ ᠶᠢᠨ ᠠᠵᠤ ᠠᠬᠤᠶ ᠨᠢ ᠲᠤᠶᠢᠯ ᠤᠨ ᠬᠦᠴᠢᠷᠲᠡᠶ ᠂ ᠭᠡᠷ ᠲᠦ  ᠨᠢ ᠪᠠᠰᠠ ᠨᠢᠭᠡᠨ ᠪᠠᠴᠢᠮ ᠡᠮᠴᠢᠯᠡᠨ ᠵᠠᠰᠠᠬᠤ ᠴᠢᠬᠤᠯᠠᠲᠠᠢ  ᠬᠡᠤᠬᠡᠳ ᠪᠠᠢᠵᠤ ᠂ ᠡᠮᠨᠡᠯᠭᠡ ᠶᠢᠨ ᠵᠠᠷᠤᠳᠠᠯ ᠢᠶᠠᠨ ᠲᠥᠯᠥᠵᠦ ᠳᠡᠶᠢᠯᠬᠦ ᠦᠭᠡᠢ  ᠪᠣᠯᠵᠤ ᠂  ᠡᠮᠨᠡᠯᠭᠡ  ᠶᠢᠨ ᠬᠣᠷᠢᠶ᠎ᠠ ᠡᠮᠴᠢᠯᠡᠬᠦ ᠪᠡᠨ  ᠪᠤᠯᠢᠬᠤ  ᠨᠢ ᠨᠢᠳᠦᠨ ᠡᠮᠦᠨᠡᠬᠢ ᠤᠴᠢᠷ ᠪᠣᠯᠵᠤ᠂ ᠬᠡᠦᠬᠡᠳ ᠤᠨ ᠡᠮᠴᠢᠯᠡᠨ ᠵᠠᠰᠠᠬᠤ ᠰᠠᠭᠠᠲᠠᠭᠳᠠᠵᠤ ᠮᠡᠳᠡᠨ᠎ᠡ ᠃ ᠰᠢᠶᠣᠤ ᠸᠧᠨ ᠵᠢᠶᠸ ᠡᠪᠡᠳᠴᠢᠲᠡᠨ ᠦ ᠣᠷᠣ ᠳᠡᠭᠡᠷ᠎ᠡ ᠬᠡᠪᠲᠡᠵᠦ  ᠪᠠᠢᠭ᠎ᠠ ᠬᠡᠦᠬᠡᠳ ᠪᠠ  ᠰᠠᠨᠳᠤᠷᠬᠤ ᠳᠤ ᠪᠡᠨ ᠤᠬᠢᠯᠠᠭᠰᠠᠨ ᠡᠴᠢᠭᠡ ᠡᠬᠡ  ᠢ ᠨᠢ ᠬᠠᠷᠠᠵᠤ᠂  ᠡᠮᠴᠢ ᠳᠤ ᠬᠠᠮᠤᠭ ᠤᠷᠲᠤ ᠳᠤ ᠪᠡᠨ ᠭᠤᠷᠪᠠᠨ ᠡᠳᠦᠷ  ᠤᠨ  ᠳᠣᠲᠤᠷ᠎ᠠ ᠡᠮᠨᠡᠯᠭᠡ  ᠶᠢᠨ ᠰᠦᠢᠳᠬᠡᠯ ᠢ ᠨᠢ ᠯᠠᠪᠲᠠᠢ ᠲᠤᠰᠢᠶᠠᠨ᠎ᠠ ᠭᠡᠵᠦ ᠪᠠᠲᠤᠯᠠᠪᠠ᠃ ᠳᠠᠷᠠᠭ᠎ᠠ ᠨᠢ ᠂ ᠪᠦᠬᠦᠯᠢ 24᠎ ᠴᠠᠭ ᠂ ᠤᠷᠢᠳ ᠬᠣᠵᠢᠳ ᠤᠲᠠᠰᠤ ᠠᠪᠬᠤ ᠪᠤᠶᠤ ᠭᠦᠢᠴᠡᠳᠬᠡᠭᠳᠡᠭᠴᠢ ᠶᠢᠨ ᠳᠠᠭᠠᠳᠬᠠᠯ ᠤᠨ ᠺᠣᠮᠫᠠᠨᠢ ᠲᠠᠢ  ᠬᠠᠷᠢᠯᠴᠠᠨ  ᠪᠠᠢᠳᠠᠯ ᠢ ᠨᠠᠷᠢᠨ ᠲᠠᠢᠯᠪᠤᠷᠢᠯᠠᠵᠤ᠂ ᠢᠩᠭᠢᠵᠦ ᠪᠠᠷᠢᠮᠲᠠᠯᠠᠭᠰᠠᠨ ᠢᠶᠠᠷ ᠪᠠ ᠴᠢᠷᠮᠠᠶᠢᠯᠭ᠎ᠠ ᠳᠣᠣᠷ᠎ᠠ ᠂ ᠡᠴᠦᠰ ᠲᠡᠬᠡᠨ ᠳᠠᠭᠠᠳᠬᠠᠯ ᠤᠨ ᠺᠣᠮᠫᠠᠨᠢ ᠶᠢᠨ ᠠᠵᠢᠯᠳᠡᠠ  ᠤ ᠰᠡᠳᠬᠢᠯ ᠢ ᠬᠥᠳᠡᠯᠭᠡᠵᠦ᠂  ᠭᠦᠢᠴᠡᠳᠬᠡᠬᠦ ᠳᠤ ᠰᠢᠯᠵᠢᠭᠦᠯᠦᠭᠰᠡᠨ ᠤ ᠬᠣᠶᠠᠳᠤᠭᠠᠷ ᠡᠳᠦᠷ ᠲᠤ  ᠪᠦᠬᠦ ᠭᠦᠢᠴᠡᠳᠬᠡᠬᠦ ᠰᠦᠢᠳᠬᠡᠯ ᠢ ᠣᠯᠵᠤ ᠢᠷᠡᠨ᠎ᠡ ᠭᠤᠶᠤᠴᠢᠯᠠᠭᠴᠢ ᠶᠢᠨ ᠲᠥᠪᠡᠭᠳᠡᠯ ᠢ ᠰᠢᠢᠳᠪᠦᠷᠢᠯᠡᠵᠦ ᠥᠭᠭᠦᠭᠰᠡᠨ ᠪᠠᠢᠨ᠎ᠠ᠃

ᠭᠦᠢᠴᠡᠳᠬᠡᠬᠦ ᠳᠤ ᠶᠠᠪᠤᠳᠠᠯ ᠤᠴᠢᠷ  ᠮᠠᠰᠢ ᠤᠯᠠᠨ ᠪᠠᠢᠵᠤ᠂ ᠭᠦᠢᠴᠡᠳᠬᠡᠬᠦ  ᠶᠡᠪᠤᠴᠠ ᠪᠡᠷᠬᠡ ᠬᠠᠲᠠᠭᠤᠵᠢᠯᠲᠠᠶ ᠶᠤᠮ ᠃ ᠣᠯᠠᠩᠬᠢ ᠪᠠᠢᠳᠠᠯ ᠳᠦ ᠂ ᠴᠥᠮ  ᠲᠡᠷᠭᠡ  ᠪᠡᠷ ᠨᠠᠰᠢ ᠴᠠᠰᠢ ᠶᠠᠪᠤᠵᠤ  ᠪᠠᠢᠮᠠᠨ ᠨᠢᠭᠡ ᠬᠡᠷᠡᠭ ᠢ ᠭᠦᠢᠴᠡᠳᠬᠡᠳᠡᠭ ᠃ ᠵᠠᠷᠢᠮ ᠳᠠᠭᠠᠨ ᠲᠡᠷᠡ  ᠲᠡᠷᠭᠡᠨ ᠰᠠᠭᠤᠳᠠᠯ ᠳᠡᠭᠡᠷ᠎ᠡ ᠪᠡᠨ ᠤᠨᠲᠠᠵᠤ ᠂ ᠡᠨᠡ ᠨᠢ  ᠲᠡᠭᠦᠨ ᠤ ᠠᠵᠢᠯ ᠤᠨ ᠳᠤᠮᠳᠠ ᠣᠯᠳᠠᠰᠢ ᠦᠭᠡᠢ ᠠᠮᠠᠷᠠᠬᠤ ᠴᠠᠭ ᠪᠣᠯᠤᠭᠰᠠᠨ ᠪᠠᠶᠢᠨ᠎ᠠ ᠃  ᠣᠢᠷ᠎ᠠ ᠶᠢᠨ ᠵᠢᠯ ᠦᠳ ᠲᠦ ᠂ ᠦᠦᠰᠢᠨ ᠬᠣᠰᠢᠭᠤᠨ ᠤ ᠰᠢᠭᠦᠬᠦ ᠬᠣᠷᠢᠶᠠᠨ ᠤ ᠬᠡᠷᠡᠭ ᠦᠨ ᠲᠣᠭ᠎ᠠ ᠪᠠᠷᠢᠮᠲᠠ ᠨᠡᠮᠡᠭᠳᠡᠬᠦ ᠶᠢ ᠳᠠᠭᠠᠯᠳᠤᠨ᠂ ᠭᠦᠢᠴᠡᠳᠬᠡᠬᠦ ᠠᠵᠢᠯ ᠤᠨ ᠳᠠᠷᠤᠯᠲᠠ ᠡᠳᠦᠷ ᠢᠷᠡᠬᠦᠶ᠎ᠡ ᠬᠦᠨᠳᠦᠷᠡᠵᠦ ᠂ ᠦᠷᠭᠦᠯᠵᠢ ᠬᠠᠭᠤᠴᠢᠨ ᠬᠡᠷᠡᠭ ᠢ ᠪᠠᠰᠠ  ᠭᠦᠢᠴᠡᠳᠬᠡᠵᠦ ᠵᠠᠪᠳᠤᠭᠠᠳᠤᠢ ᠪᠠᠢᠬᠤ ᠳᠤ ᠂ ᠰᠢᠨ᠎ᠡ ᠬᠡᠷᠡᠭ ᠢ ᠪᠠᠰᠠ  ᠭᠦᠢᠴᠡᠳᠬᠡᠬᠦ ᠬᠡᠷᠡᠭᠲᠡᠶ  ᠪᠠᠢᠳᠠᠭ᠃ ᠬᠡᠳᠦᠢᠪᠡᠷ ᠭᠦᠢᠴᠡᠳᠬᠡᠬᠦ ᠠᠵᠢᠯ ᠵᠦᠳᠡᠷᠡᠯ ᠲᠡᠶ ᠂ ᠶᠠᠭᠠᠷᠠᠤ  ᠪᠣᠯᠪᠠᠴᠤ ᠨᠢᠭᠡ ᠬᠡᠷᠡᠭ ᠢ ᠭᠦᠢᠴᠡᠳᠬᠡᠵᠦ ᠳᠠᠭᠤᠰᠬᠠᠬᠤ  ᠪᠦᠷᠢ ᠬᠣᠬᠢᠷᠠᠯ ᠠᠮᠰᠠᠭᠴᠢ ᠶᠢᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠭᠰᠠᠨ  ᠢ ᠣᠯᠵᠤ ᠬᠠᠷᠠᠬᠤ ᠦᠶ᠎ᠡ ᠳᠦ ᠂ ᠲᠡᠷᠡ ᠬᠠᠷᠢᠨ ᠰᠡᠳᠬᠢᠯ ᠳᠦᠭᠦᠷᠡᠩ  ᠪᠠᠶᠠᠷᠯᠠᠳᠠᠭ ᠃

 

ᠭᠡᠷ ᠪᠦᠯᠢ ᠶᠢᠨ ᠠᠮᠢᠳᠤᠷᠠᠯ ᠳᠤ  ᠪᠡᠨ᠂ ᠳᠡᠷᠡᠪᠡᠷ ᠮᠠᠰᠢ ᠶᠡᠬᠡ ᠦᠷᠢᠲᠦᠭᠰᠠᠨ ᠵᠦᠢᠯ ᠪᠠᠢᠳᠠᠭ

 ᠠᠵᠢᠯ  ᠤᠨ ᠡᠮᠦᠨ᠎ᠡ᠂ ᠰᠢᠶᠣᠤ ᠸᠧᠨ ᠵᠢᠶᠸ ᠤᠳᠠᠭ᠎ᠠ ᠪᠦᠷᠢ ᠬᠦᠴᠢᠷ ᠪᠡᠷᠬᠡᠰᠢᠶᠡᠯ ᠢ ᠢᠯᠠᠨ  ᠳᠠᠪᠠᠵᠤ᠂  ᠭᠤᠶᠤᠴᠢᠯᠠᠭᠴᠢ ᠳᠤ ᠤᠯᠪᠠᠰᠤ ᠵᠣᠬᠢᠬᠤ ᠡᠷᠬᠡ ᠠᠰᠢᠭ ᠢ  ᠨᠢ ᠬᠦᠷᠲᠡᠭᠡᠵᠦ  ᠪᠠᠢᠳᠠᠭ ᠴᠤ᠂ ᠲᠥᠷᠥᠯ ᠰᠠᠳᠤᠨ ᠤ ᠬᠠᠶᠢᠷ᠎ᠠ ᠰᠡᠳᠬᠢᠯᠭᠡ  ᠶᠢᠨ ᠲᠠᠯ᠎ᠠ ᠪᠡᠷ᠂ ᠲᠡᠷᠡ ᠬᠠᠷᠢᠨ ᠨᠢᠭᠡ ᠵᠦᠢᠯ ᠦᠨ ᠠᠷᠭ᠎ᠠ  ᠪᠠᠨ ᠪᠠᠷᠠᠭᠰᠠᠨ ᠪᠤᠶᠤ ᠪᠡᠶ᠎ᠡ ᠪᠡᠨ ᠪᠤᠷᠤᠭᠤᠳᠬᠠᠭᠰᠠᠨ ᠪᠠᠢᠳᠠᠭ ᠃ ᠲᠡᠭᠦᠨ ᠦ ᠡᠴᠢᠭᠡ ᠡᠭᠡ ᠨᠢ ᠨᠠᠰᠤ ᠠᠭᠰᠢᠷᠠᠵᠤ᠂ ᠪᠡᠶ᠎ᠡ ᠮᠠᠬᠠᠪᠣᠳ ᠨᠢ ᠴᠥᠮ ᠲᠡᠩᠬᠡᠯᠡᠭᠦᠨ ᠪᠢᠰᠢ ᠂ ᠭᠡᠷ ᠲᠦ  ᠪᠡᠨ ᠬᠣᠶᠠᠷ ᠬᠡᠦᠬᠡᠳ  ᠲᠠᠢ ᠪᠠᠢᠵᠤ᠂ ᠠᠵᠢᠯ ᠶᠠᠭᠠᠷᠠᠯᠲᠠᠶ ᠠᠴᠠ ᠪᠣᠯᠵᠤ ᠂  ᠤᠷᠲᠤ ᠬᠤᠭᠤᠴᠠᠭ᠎ᠠ ᠡᠴᠢᠭᠡ ᠡᠭᠡ  ᠪᠡᠨ ᠡᠷᠭᠢᠵᠦ ᠦᠵᠡᠬᠦ ᠪᠡᠷ ᠣᠴᠢᠵᠤ ᠲᠡᠢᠯᠬᠦ ᠦᠭᠡᠢ ᠂ ᠬᠡᠦᠬᠡᠳ  ᠳᠤ ᠪᠡᠨ ᠴᠦ ᠪᠠᠷ᠎ᠠ ᠪᠣᠯᠵᠤ ᠴᠢᠳᠠᠬᠤ ᠦᠭᠡᠢ ᠪᠠᠢᠳᠠᠭ᠃ ᠠᠵᠢᠯ ᠪᠠ ᠭᠡᠷ ᠪᠦᠯᠢ ᠶᠢᠨ ᠬᠣᠭᠣᠷᠣᠨᠳᠣ ᠂ ᠲᠡᠷᠡ  ᠳᠠᠲᠠᠭᠠᠯᠵᠠᠯ ᠦᠭᠡᠢ ᠪᠡᠷ  ᠪᠡᠶ᠎ᠡ ᠰᠡᠳᠬᠢᠯ ᠢᠶᠡᠨ ᠠᠵᠢᠯ ᠳᠤ ᠪᠡᠨ  ᠵᠤᠷᠢᠭᠤᠯᠬᠤ ᠶᠢ ᠰᠣᠩᠭᠤᠵᠤ᠂ ᠲᠤᠬᠠᠢ ᠶᠢᠨ ᠬᠥᠮᠦᠨ ᠤ ᠠᠰᠢᠭ ᠲᠤᠰᠠ ᠶᠢᠨ ᠲᠥᠯᠦᠭᠡ ᠴᠢᠷᠮᠠᠢᠨ ᠵᠢᠳᠬᠦᠳᠡᠭ᠃ ᠣᠯᠠᠩᠬᠢ ᠳᠠᠭᠠᠨ ᠲᠡᠷᠡ ᠶᠠᠭ  ᠰᠠᠢᠬᠠᠨ  ᠬᠡᠤᠬᠡᠳ ᠳᠤ ᠪᠠᠨ ᠪᠠᠷᠠᠭ᠎ᠠ ᠪᠣᠯᠵᠤ ᠪᠠᠢᠭᠰᠠᠨ᠂  ᠡᠰᠡᠭᠦᠯ᠎ᠡ ᠡᠴᠢᠭᠡ ᠡᠬᠡ  ᠪᠡᠨ ᠡᠷᠭᠢᠨ ᠦᠵᠡᠵᠦ ᠪᠠᠢᠬᠤ ᠦᠶ᠎ᠡ ᠳᠤ᠂ ᠭᠤᠶᠤᠴᠢᠯᠠᠭᠴᠢ ᠶᠢᠨ ᠤᠲᠠᠰᠤ ᠶᠢ ᠣᠯᠵᠤ  ᠲᠤᠰᠬᠤ  ᠪᠤᠶᠤ ᠂ ᠭᠦᠢᠴᠡᠳᠬᠡᠭᠳᠡᠭᠴᠢ ᠶᠢᠨ ᠡᠳ᠋ ᠬᠦᠷᠦᠩᠭᠡ ᠶᠢᠨ ᠰᠦᠪᠡᠭᠴᠢ ᠶᠢ ᠣᠯᠳᠠᠭ ᠯᠠ ᠶᠤᠮ ᠪᠣᠯ ᠂ ᠵᠠᠮ ᠬᠣᠯᠠ ᠪᠠᠶᠢᠯ᠎ᠠ ᠴᠤ ᠭᠡᠰᠡᠨ ᠂  ᠤᠨᠲᠠᠵᠤ ᠠᠮᠠᠷᠠᠵᠤ ᠪᠠᠢᠯ᠎ᠠ ᠴᠦ ᠭᠡᠰᠡᠨ ᠂ ᠲᠡᠷᠡ  ᠳᠠᠷᠤᠢ ᠳᠤ ᠨᠢ ᠪᠣᠭᠴᠤ ᠪᠡᠨ ᠰᠢᠭᠦᠷᠥᠭᠡᠳ ᠭᠠᠷᠴᠤ ᠶᠠᠪᠤᠳᠠᠭ᠃

ᠲᠡᠷᠡ ᠪᠣᠯ ᠳᠠᠷᠤᠶ ᠡᠶᠢᠮᠦ ᠨᠢᠭᠡᠨ ᠵᠢᠷ ᠦᠨ ᠭᠦᠢᠴᠡᠳᠬᠡᠬᠦ ᠺᠠᠳ᠋ᠷ ᠴᠠᠭᠳᠠᠭ᠎ᠠ ᠂ ᠵᠢᠷ ᠦᠨ ᠠᠵᠢᠯ ᠤᠨ ᠪᠠᠶᠢᠷᠢ ᠳᠡᠭᠡᠷ᠎ᠡ ᠡᠭᠡᠯ ᠵᠢᠷ ᠦᠨ ᠠᠵᠢᠯ ᠢ ᠬᠢᠵᠦ ᠪᠠᠶᠢᠨ᠎ᠠ ᠂ ᠭᠡᠪᠡᠴᠦ ᠶᠠᠭ ᠲᠦᠭ ᠲᠦᠮᠡᠨ ᠡᠶᠢᠮᠦ ᠶᠡᠷᠦᠮᠳᠡᠭ ᠺᠠᠳ᠋ᠷ ᠴᠠᠭᠳᠠᠭ᠎ᠠ ᠂ ᠲᠡᠳᠡ ᠵᠠᠯᠠᠭᠤ ᠨᠠᠰᠤ ᠪᠠ ᠬᠠᠯᠠᠭᠤᠨ ᠴᠢᠰᠤ ᠪᠡᠷ ᠢᠶᠡᠨ ᠬᠠᠤᠯᠢ ᠴᠠᠭᠠᠵᠠ ᠶᠢᠨ ᠲᠡᠩᠨᠡᠭᠦᠷ  ᠢ   ᠲᠤᠯᠭᠠᠭᠤᠷᠯᠠᠵᠤ ᠪᠠᠶᠢᠨ᠎ᠠ ᠃  ᠡᠨᠡ ᠮᠡᠲᠦ ᠪᠡᠷ᠂ ᠭᠦᠢᠴᠡᠳᠬᠡᠬᠦ ᠹᠠᠷᠠᠨᠲ ᠤᠨ ᠡᠳᠦᠷ ᠬᠣᠨᠤᠭ  ᠤᠳ ᠲᠤ᠂ ᠲᠡᠷᠡ ᠬᠦᠴᠢᠷ ᠪᠡᠷᠬᠡᠰᠢᠶᠡᠯ ᠢ ᠢᠯᠠᠨ ᠳᠠᠪᠠᠬᠤ ᠵᠣᠷᠢᠭ ᠰᠠᠨᠠᠭ᠎ᠠ ᠪᠠ ᠬᠠᠷᠢᠭᠤᠴᠠᠯᠭᠠᠲᠤ ᠰᠡᠳᠬᠢᠯᠭᠡ  ᠪᠡᠷ ᠠᠵᠢᠯ ᠤᠨ ᠳᠤᠮᠳᠠᠬᠢ ᠥᠷᠢᠰᠦᠯᠳᠦᠭᠡᠨ ᠨᠢᠭᠡᠪᠦᠷᠢ ᠢ ᠬᠦᠯᠢᠶᠡᠨ ᠠᠪᠴᠤ᠂  ᠪᠣᠳᠠᠲᠤ ᠠᠵᠢᠯᠠᠯᠭ᠎ᠠ ᠪᠡᠷ ᠢᠶᠡᠨ ᠳᠠᠮᠵᠢᠭᠤᠯᠵᠤ ᠰᠢᠭᠦᠬᠦ ᠬᠣᠷᠢᠶᠠᠨ ᠤ ᠺᠠᠲᠠᠷ ᠠᠵᠢᠯᠴᠢᠨ ᠤ ᠠᠷᠠᠳ ᠲᠦᠮᠡᠨ ᠳᠤ ᠦᠢᠯᠡᠴᠢᠯᠡᠬᠦ  ᠣᠪᠤᠷ ᠢ ᠢᠯᠡᠳᠬᠡᠵᠦ᠂ ᠤᠯᠠᠨ ᠲᠦᠮᠡᠨ ᠦ ᠳᠤᠮᠳᠠ ᠠᠷᠠᠳ ᠤᠨ ᠰᠢᠭᠦᠬᠦ  ᠬᠣᠷᠢᠶᠠᠨ ᠤ ᠭᠡᠷᠡᠯ ᠰᠠᠴᠤᠷᠠᠩᠭᠤᠶ ᠳᠦᠷᠢ ᠲᠥᠷᠬᠦ ᠶᠢ ᠪᠤᠢ  ᠪᠣᠯᠭᠠᠭᠰᠠᠨ ᠪᠠᠶᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )