ᠵᠢᠶᠠᠩᠰᠦ ᠂ ᠭᠤᠸᠠᠩᠳᠦ᠋ᠩ ᠳᠦ ᠤᠴᠢᠵᠤ ᠬᠠᠤᠯᠢ ᠴᠠᠭᠠᠵᠠ ᠶᠢᠨ ᠦᠭᠡᠷᠡᠴᠢᠯᠡᠯᠲᠡ ᠶᠢᠨ ᠠᠵᠢᠯ ᠤᠨ ᠪᠠᠢᠴᠠᠭᠠᠯᠲᠠ ᠬᠢᠭᠰᠡᠨ ᠵᠢᠴᠢ ᠰᠢᠨ᠎ᠠ ᠲᠤᠭᠤᠷᠢᠭ ᠤᠨ ᠰᠢᠭᠦᠬᠦ ᠬᠤᠷᠢᠶ᠎ᠠ ᠪᠠᠢᠭᠤᠯᠬᠤ ᠠᠵᠢᠯ ᠤᠨ ᠪᠠᠢᠳᠠᠯ 
2016.10.11 ᠲᠣᠰ ᠥᠷᠲᠡᠭᠡᠨ ᠦ ᠨᠠᠢᠷᠠᠭᠤᠯᠤᠭᠴᠢ

ᠵᠢᠶᠠᠩᠰᠦ ᠂ ᠭᠤᠸᠠᠩᠳᠦ᠋ᠩ ᠳᠦ ᠤᠴᠢᠵᠤ ᠬᠠᠤᠯᠢ ᠴᠠᠭᠠᠵᠠ ᠶᠢᠨ ᠦᠭᠡᠷᠡᠴᠢᠯᠡᠯᠲᠡ ᠶᠢᠨ ᠠᠵᠢᠯ ᠤᠨ ᠪᠠᠢᠴᠠᠭᠠᠯᠲᠠ ᠬᠢᠭᠰᠡᠨ ᠵᠢᠴᠢ ᠰᠢᠨ᠎ᠠ ᠲᠤᠭᠤᠷᠢᠭ ᠤᠨ ᠰᠢᠭᠦᠬᠦ ᠬᠤᠷᠢᠶ᠎ᠠ ᠪᠠᠢᠭᠤᠯᠬᠤ ᠠᠵᠢᠯ ᠤᠨ ᠪᠠᠢᠳᠠᠯ ᠢ ᠪᠠᠢᠴᠠᠭᠠᠨ ᠰᠤᠳᠤᠯᠤᠯᠲᠠ ᠶᠢᠨ ᠮᠡᠳᠡᠭᠦᠯᠦᠯᠲᠡ

  

  ᠠᠷᠠᠳ ᠤᠨ ᠳᠡᠭᠡᠳ᠋ᠦ ᠰᠢᠭᠦᠬᠦ ᠬᠤᠷᠢᠶ᠎᠎ᠠ ᠠ᠋ᠴᠠ  ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ  ᠪᠠᠢᠭᠤᠯᠬᠤ ᠶᠢᠵᠢᠩᠭᠢᠨ᠋ᠢ ᠪᠡᠷ ᠨᠡᠢᠳ᠋ᠡᠯᠡᠪᠡ ᠃  ︽ ᠠᠵᠢᠯᠲᠠᠨ ᠦ ᠲᠣᠭᠠᠨ ᠦ ᠳᠦ᠋ᠷᠢᠮ ︾ ᠭᠡᠳ᠋ᠡᠭ᠌ ᠨᠢ ᠂ ᠥᠭᠡᠷ᠎ᠡ ᠪᠡᠷ ᠬᠡᠯᠡᠪᠡᠯ ᠤᠳ᠋ᠣ ᠶᠢᠨ ᠪᠠᠢᠭ᠎᠎ᠠ ᠬᠠᠤᠯᠢ ᠴᠠᠭᠠᠵᠠ ᠶᠢᠨ ᠠᠵᠢᠯᠲᠠᠨ ᠢ ᠰᠢᠭᠦᠭᠴᠢ ᠂ ᠬᠠᠣᠯᠢ ᠴᠠᠭᠠᠵᠠ ᠶᠢᠨ ᠲᠤᠰᠠᠯᠠᠬᠤ ᠠᠵᠢᠯᠲᠠᠨ ᠂ ᠵᠠᠰᠠᠭ ᠵᠠᠬᠢᠷᠭᠠᠨ ᠦ ᠠᠵᠢᠯᠲᠠᠨ  ᠬᠤᠪᠢᠶᠠᠵᠤ ᠂ ᠡᠯ᠎ᠡ ᠲᠦ᠋ᠷᠦᠯ ᠦᠨ ᠠᠵᠢᠯᠲᠠᠨ ᠦ ᠡᠵᠡᠯᠡᠬᠦ ᠬᠠᠷᠢᠴᠠᠯ ᠢ ᠲᠤᠰ ᠲᠤᠰ ᠲᠦ ᠨᠢ ᠲᠤᠭᠳ᠋ᠠᠭᠠᠬᠤ ᠬᠡᠷᠡᠭ᠍ᠲᠡᠢ ᠃ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ ᠪᠦᠬᠦ ᠲᠠᠯ᠎ᠠ ᠪᠠᠷ ᠬᠡᠷᠡᠭᠵᠢᠭᠦᠯᠦᠭᠰᠡᠨ ᠦ ᠳᠠᠷᠠᠭ᠎᠎ᠠ ᠂ ᠵᠦ᠋ᠪᠬᠡᠨ ᠲᠣᠭᠠᠨ ᠳᠤ ᠣᠷᠣᠭᠰᠠᠨ ᠰᠢᠭᠦᠭᠴᠢ ᠨᠢ  ᠬᠡᠷᠡᠭ᠌ ᠰᠢᠢᠳᠪᠦᠷᠢᠯᠡᠬᠦ ᠡᠷᠬᠡ ᠲᠡᠢ ᠪᠠᠢᠵᠤ ᠂ ᠲᠣᠭᠠᠨ ᠳ᠋ᠤ ᠣᠷᠣᠭᠰᠠᠨ ᠰᠢᠭᠦᠭᠴᠢ ᠨᠢ ᠡᠷᠬᠡᠪᠰᠢ ᠡᠮᠦᠨ᠎᠎ᠡ ᠹᠷᠣᠨᠲ ᠳᠤ ᠬᠡᠷᠡᠭ᠌ ᠰᠢᠢᠳᠪᠦᠷᠢᠯᠡᠨ᠎᠎ᠡ ᠃ ᠡᠭᠦᠨ ᠡᠴᠡ ᠂ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠶᠢᠨ ᠦᠭᠡᠷᠡᠴᠢᠯᠯᠲᠡ ᠨᠢ ᠰᠢᠯᠢᠳ᠋ᠡᠭ᠌ ᠰᠢᠭᠦᠭᠴᠢ ᠶᠢᠨ ᠡᠬᠢ ᠪᠠᠶᠠᠯᠢᠭ ᠢ ᠰᠢᠭᠦᠨ ᠲᠠᠰᠤᠯᠠᠬᠤ ᠨᠢᠭᠡᠳ᠋ᠦᠭᠡᠷ ᠹᠷᠣᠨᠲ ᠳᠤ ᠲᠥ᠋ᠪᠯᠡᠷᠡᠭᠦᠯᠵᠦ ᠲᠡᠢᠯᠦᠨ᠎᠎ᠡ ᠃

  ᠡᠨ᠋ᠡ ᠣᠳ᠋ᠠᠭᠠᠨ ᠦ ᠬᠢᠷᠢ ᠬᠡᠮ ᠦᠨ ᠰᠢᠯᠭᠠᠯᠲᠠ ᠨᠢ ᠤᠯᠤᠰ ᠤᠨ ᠪᠠᠷᠢᠮᠵᠢᠶᠠᠲᠤ ᠰᠢᠯᠭᠠᠯᠲᠠ ᠶᠢᠨ ᠶᠠᠪᠤᠴᠠ ᠪᠠ ᠱᠠᠭᠠᠷᠳ᠋ᠠᠯᠭ᠎᠎ᠠ ᠶᠣᠰᠣᠭᠠᠷ ᠲᠥ᠋ᠪ ᠴᠢᠩᠭ᠎᠎ᠠ ᠶᠠᠪᠤᠭᠳ᠋ᠠᠭᠤᠯᠤᠭᠰᠠᠨ ᠪᠠᠢᠨ᠎᠎ᠠ ᠂  ᠰᠢᠭᠦᠭᠴᠢ ᠶᠢᠨ ᠰᠢᠭᠦᠨ ᠳᠠᠰᠤᠯᠠᠬᠤ ᠡᠭᠦᠷᠬᠡ ᠳᠤᠰᠢᠶᠠᠯ ᠢᠶᠡᠨ ᠭᠦᠢᠴᠡᠳᠬᠡᠬᠦ ᠳᠤ ᠪᠦᠷᠢᠯᠳ᠋ᠡᠭᠦᠯᠬᠦ ᠶᠣᠰᠣᠲᠠᠢ ᠲᠣᠰᠬᠠᠢ ᠮᠡᠷᠭᠡᠵᠢᠯ ᠦᠨ ᠮᠡᠳ᠋ᠡᠯᠭᠡ ᠂ ᠬᠡᠷᠡᠭ᠌ ᠰᠢᠢᠳᠪᠦᠷᠢᠯᠡᠬᠦ ᠴᠢᠳ᠋ᠠᠪᠤᠷᠢ ᠵᠡᠷᠭᠡ ᠶᠢ ᠭᠣᠣᠯᠳ᠋ᠠᠯᠭ᠎᠎ᠠ ᠲᠡᠢ ᠰᠢᠯᠭᠠᠨ ᠪᠠᠢᠴᠠᠭᠠᠵᠠᠢ ᠃ ᠪᠢᠷ ᠦᠨ ᠰᠢᠯᠭᠠᠯᠲᠠ ᠳᠤ ᠣᠨ᠋ᠤᠯ ᠤᠨ ᠮᠡᠳ᠋ᠡᠯᠭᠡ ᠂ ᠬᠡᠷᠡᠭ᠌ ᠦᠨ ᠵᠢᠱᠢᠶᠡᠨ ᠦ ᠵᠠᠳ᠋ᠠᠯᠤᠯᠲᠠ ᠂ ᠳᠠᠰᠤᠯᠤᠨ ᠳᠤᠭᠲᠠᠭᠠᠯᠲᠠ ᠶᠢᠨ ᠪᠢᠴᠢᠭ᠌ ᠬᠠᠷ᠎ᠠ ᠵᠤᠬᠢᠶᠠᠬᠤ ᠵᠡᠷᠭᠡ ᠶᠢ ᠪᠠᠭᠳ᠋ᠠᠭᠠᠵᠠᠢ ᠃ ᠰᠢᠯᠭᠠᠯᠲᠠ ᠶᠢᠨ ᠰᠤᠷᠳ᠋ᠠᠯ ᠰᠢᠯᠭᠠᠯᠲᠠ ᠶᠢᠨ ᠰᠠᠬᠢᠯᠭ᠎᠎ᠠ ᠪᠠᠲᠤ ᠶᠢ ᠲᠥ᠋ᠪ ᠴᠢᠩᠭ᠎᠎ᠠ ᠪᠤᠯᠭᠠᠬᠤ ᠶᠢᠨ ᠲᠦ᠋ᠯᠥᠭᠡ ᠦᠪᠡᠷᠲᠡᠭᠡᠨ ᠵᠠᠰᠠᠬᠤ ᠣᠷᠣᠨ ᠦ ᠦᠨᠳ᠋ᠥᠷ ᠵᠡᠷᠬᠡ ᠶᠢᠨ ᠰᠢᠭᠦᠭᠦ ᠬᠤᠷᠢᠶᠠᠨ ᠠ᠋ᠴᠠ ᠤᠳ᠋ᠤᠷᠢᠳ᠋ᠤᠯᠭ᠎᠎ᠠ ᠶᠢᠨ ᠳᠠᠭᠠᠭᠤᠯᠤᠭᠰᠠᠨ ᠰᠢᠪᠠᠳ᠋ᠠᠨ ᠵᠢᠯᠤᠭᠤᠳᠬᠤ ᠳᠣᠭᠣᠢᠯᠠᠩ ᠲᠣᠮᠢᠯᠠᠵᠤ ᠂ ᠡᠯ᠎ᠡ ᠰᠢᠯᠭᠠᠬᠤ ᠴᠢᠭ᠌ ᠲᠦ ᠣᠴᠢᠵᠤ ᠰᠢᠯᠭᠠᠨ ᠪᠠᠢᠴᠠᠭᠠᠵᠤ ᠂ ᠣᠷᠳ᠋ᠤᠰ ᠬᠤᠲᠠᠨ ᠦ ᠨᠠᠮ ᠤᠨ ᠬᠤᠷᠢᠶᠠᠨ ᠦ ᠵᠤᠬᠢᠶᠠᠨ ᠪᠠᠢᠭᠤᠯᠬᠤ ᠬᠡᠯᠲᠡᠰ ᠂ ᠤᠯᠤᠰ ᠲᠦ᠋ᠷᠥ ᠶᠢᠨ ᠬᠠᠤᠯᠢ ᠴᠠᠭᠠᠵᠠ ᠶᠢᠨ ᠬᠤᠷᠢᠶ᠎᠎ᠠ ᠵᠡᠷᠭᠡ ᠬᠤᠯᠪᠤᠭᠳ᠋ᠠᠯ ᠪᠦᠬᠦᠢ ᠰᠠᠯᠠᠭ᠎᠎ᠠ ᠮᠦ᠋ᠴᠢᠷ ᠦᠨ ᠤᠳ᠋ᠤᠷᠢᠳ᠋ᠤᠯᠭ᠎᠎ᠠ ᠴᠤ ᠰᠢᠯᠭᠠᠯᠲᠠ ᠶᠢᠨ ᠡᠳ᠋ᠦᠷ ᠰᠢᠯᠭᠠᠯᠲᠠ ᠶᠢᠨ ᠲᠠᠯᠠᠪᠠᠢ ᠶᠢᠨ ᠰᠠᠬᠢᠯᠭ᠎᠎ᠠ ᠪᠠᠲᠤ ᠶᠢ ᠬᠢᠨ᠋ᠠᠨ ᠪᠠᠢᠴᠠᠭᠠᠭᠰᠠᠨ ᠪᠠᠢᠨ᠎᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )