ᠵᠦᠩᠭᠠᠷ ᠬᠤᠰᠢᠭᠤᠨ ᠤ ᠠᠷᠠᠳ ᠤᠨ ᠰᠢᠭᠦᠬᠦ ᠬᠤᠷᠢᠶᠠᠨ ᠠᠴᠠ ᠬᠠᠤᠯᠢᠴᠢ ᠶᠢᠨ ᠵᠠᠷᠭᠤ ᠳᠤ ᠬᠤᠯᠪᠤᠭᠳᠠᠭᠰᠠᠨ ᠵᠠᠭᠠᠯᠳᠤᠯᠭ᠎ᠠ ᠶᠢᠨ ᠵᠠᠬᠢᠳᠠᠯ ᠤᠨ ᠬᠡᠷᠡᠭ ᠲᠦ ᠤᠷᠤᠯᠴᠠᠨ ᠰᠢᠢᠳᠪᠦᠷᠢᠯᠡᠬᠦ ᠪᠠ ᠤᠷᠤᠯᠠᠨ ᠭᠦᠢᠴᠡᠳᠬᠡᠬᠦ ᠶᠢ ᠬᠡᠷᠡᠭᠵᠢᠭᠦᠯᠬᠦ ᠳᠤ ᠠᠵᠢᠯ ᠤᠨ ᠳᠤᠮᠳᠠ ᠠᠰᠠᠭᠤᠳᠠᠯ ᠤᠷᠤᠰᠢᠵᠤ ᠪᠠᠢᠬᠤ ᠶᠢ ᠲᠤᠰᠬᠠᠵᠤ ᠂ᠰᠠᠨᠠᠭᠤᠯᠭ᠎ᠠ ᠳᠤᠷᠠᠳᠤᠪᠠ
ᠠᠷᠠᠳ ᠤᠨ ᠳᠡᠭᠡᠳ᠋ᠦ ᠰᠢᠭᠦᠬᠦ ᠬᠤᠷᠢᠶ᠎ᠠ ᠠ᠋ᠴᠠ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ ᠪᠠᠢᠭᠤᠯᠬᠤ ᠶᠢᠵᠢᠩᠭᠢᠨ᠋ᠢ ᠪᠡᠷ ᠨᠡᠢᠳ᠋ᠡᠯᠡᠪᠡ ᠃ ︽ ᠠᠵᠢᠯᠲᠠᠨ ᠦ ᠲᠣᠭᠠᠨ ᠦ ᠳᠦ᠋ᠷᠢᠮ ︾ ᠭᠡᠳ᠋ᠡᠭ᠌ ᠨᠢ ᠂ ᠥᠭᠡᠷ᠎ᠡ ᠪᠡᠷ ᠬᠡᠯᠡᠪᠡᠯ ᠤᠳ᠋ᠣ ᠶᠢᠨ ᠪᠠᠢᠭ᠎ᠠ ᠬᠠᠤᠯᠢ ᠴᠠᠭᠠᠵᠠ ᠶᠢᠨ ᠠᠵᠢᠯᠲᠠᠨ ᠢ ᠰᠢᠭᠦᠭᠴᠢ ᠂ ᠬᠠᠣᠯᠢ ᠴᠠᠭᠠᠵᠠ ᠶᠢᠨ ᠲᠤᠰᠠᠯᠠᠬᠤ ᠠᠵᠢᠯᠲᠠᠨ ᠂ ᠵᠠᠰᠠᠭ ᠵᠠᠬᠢᠷᠭᠠᠨ ᠦ ᠠᠵᠢᠯᠲᠠᠨ ᠬᠤᠪᠢᠶᠠᠵᠤ ᠂ ᠡᠯ᠎ᠡ ᠲᠦ᠋ᠷᠦᠯ ᠦᠨ ᠠᠵᠢᠯᠲᠠᠨ ᠦ ᠡᠵᠡᠯᠡᠬᠦ ᠬᠠᠷᠢᠴᠠᠯ ᠢ ᠲᠤᠰ ᠲᠤᠰ ᠲᠦ ᠨᠢ ᠲᠤᠭᠳ᠋ᠠᠭᠠᠬᠤ ᠬᠡᠷᠡᠭ᠍ᠲᠡᠢ ᠃ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ ᠪᠦᠬᠦ ᠲᠠᠯ᠎ᠠ ᠪᠠᠷ ᠬᠡᠷᠡᠭᠵᠢᠭᠦᠯᠦᠭᠰᠡᠨ ᠦ ᠳᠠᠷᠠᠭ᠎ᠠ ᠂ ᠵᠦ᠋ᠪᠬᠡᠨ ᠲᠣᠭᠠᠨ ᠳᠤ ᠣᠷᠣᠭᠰᠠᠨ ᠰᠢᠭᠦᠭᠴᠢ ᠨᠢ ᠬᠡᠷᠡᠭ᠌ ᠰᠢᠢᠳᠪᠦᠷᠢᠯᠡᠬᠦ ᠡᠷᠬᠡ ᠲᠡᠢ ᠪᠠᠢᠵᠤ ᠂ ᠲᠣᠭᠠᠨ ᠳ᠋ᠤ ᠣᠷᠣᠭᠰᠠᠨ ᠰᠢᠭᠦᠭᠴᠢ ᠨᠢ ᠡᠷᠬᠡᠪᠰᠢ ᠡᠮᠦᠨ᠎ᠡ ᠹᠷᠣᠨᠲ ᠳᠤ ᠬᠡᠷᠡᠭ᠌ ᠰᠢᠢᠳᠪᠦᠷᠢᠯᠡᠨ᠎ᠡ ᠃ ᠡᠭᠦᠨ ᠡᠴᠡ ᠂ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠶᠢᠨ ᠦᠭᠡᠷᠡᠴᠢᠯᠯᠲᠡ ᠨᠢ ᠰᠢᠯᠢᠳ᠋ᠡᠭ᠌ ᠰᠢᠭᠦᠭᠴᠢ ᠶᠢᠨ ᠡᠬᠢ ᠪᠠᠶᠠᠯᠢᠭ ᠢ ᠰᠢᠭᠦᠨ ᠲᠠᠰᠤᠯᠠᠬᠤ ᠨᠢᠭᠡᠳ᠋ᠦᠭᠡᠷ ᠹᠷᠣᠨᠲ ᠳᠤ ᠲᠥ᠋ᠪᠯᠡᠷᠡᠭᠦᠯᠵᠦ ᠲᠡᠢᠯᠦᠨᠡ ᠃
ᠡᠨ᠋ᠡ ᠣᠳ᠋ᠠᠭᠠᠨ ᠦ ᠬᠢᠷᠢ ᠬᠡᠮ ᠦᠨ ᠰᠢᠯᠭᠠᠯᠲᠠ ᠨᠢ ᠤᠯᠤᠰ ᠤᠨ ᠪᠠᠷᠢᠮᠵᠢᠶᠠᠲᠤ ᠰᠢᠯᠭᠠᠯᠲᠠ ᠶᠢᠨ ᠶᠠᠪᠤᠴᠠ ᠪᠠ ᠱᠠᠭᠠᠷᠳ᠋ᠠᠯᠭ᠎ᠠ ᠶᠣᠰᠣᠭᠠᠷ ᠲᠥ᠋ᠪ ᠴᠢᠩᠭ᠎ᠠ ᠶᠠᠪᠤᠭᠳ᠋ᠠᠭᠤᠯᠤᠭᠰᠠᠨ ᠪᠠᠢᠨ᠎ᠠ ᠂ ᠰᠢᠭᠦᠭᠴᠢ ᠶᠢᠨ ᠰᠢᠭᠦᠨ ᠳᠠᠰᠤᠯᠠᠬᠤ ᠡᠭᠦᠷᠬᠡ ᠳᠤᠰᠢᠶᠠᠯ ᠢᠶᠡᠨ ᠭᠦᠢᠴᠡᠳᠬᠡᠬᠦ ᠳᠤ ᠪᠦᠷᠢᠯᠳ᠋ᠡᠭᠦᠯᠬᠦ ᠶᠣᠰᠣᠲᠠᠢ ᠲᠣᠰᠬᠠᠢ ᠮᠡᠷᠭᠡᠵᠢᠯ ᠦᠨ ᠮᠡᠳ᠋ᠡᠯᠭᠡ ᠂ ᠬᠡᠷᠡᠭ᠌ ᠰᠢᠢᠳᠪᠦᠷᠢᠯᠡᠬᠦ ᠴᠢᠳ᠋ᠠᠪᠤᠷᠢ ᠵᠡᠷᠭᠡ ᠶᠢ ᠭᠣᠣᠯᠳ᠋ᠠᠯᠭ᠎ᠠ ᠲᠡᠢ ᠰᠢᠯᠭᠠᠨ ᠪᠠᠢᠴᠠᠭᠠᠵᠠᠢ ᠃ ᠪᠢᠷ ᠦᠨ ᠰᠢᠯᠭᠠᠯᠲᠠ ᠳᠤ ᠣᠨ᠋ᠤᠯ ᠤᠨ ᠮᠡᠳ᠋ᠡᠯᠭᠡ ᠂ ᠬᠡᠷᠡᠭ᠌ ᠦᠨ ᠵᠢᠱᠢᠶᠡᠨ ᠦ ᠵᠠᠳ᠋ᠠᠯᠤᠯᠲᠠ ᠂ ᠳᠠᠰᠤᠯᠤᠨ ᠳᠤᠭᠲᠠᠭᠠᠯᠲᠠ ᠶᠢᠨ ᠪᠢᠴᠢᠭ᠌ ᠬᠠᠷ᠎ᠠ ᠵᠤᠬᠢᠶᠠᠬᠤ ᠵᠡᠷᠭᠡ ᠶᠢ ᠪᠠᠭᠳ᠋ᠠᠭᠠᠵᠠᠢ ᠃ ᠰᠢᠯᠭᠠᠯᠲᠠ ᠶᠢᠨ ᠰᠤᠷᠳ᠋ᠠᠯ ᠰᠢᠯᠭᠠᠯᠲᠠ ᠶᠢᠨ ᠰᠠᠬᠢᠯᠭ᠎ᠠ ᠪᠠᠲᠤ ᠶᠢ ᠲᠥ᠋ᠪ ᠴᠢᠩᠭ᠎ᠠ ᠪᠤᠯᠭᠠᠬᠤ ᠶᠢᠨ ᠲᠦ᠋ᠯᠥᠭᠡ ᠦᠪᠡᠷᠲᠡᠭᠡᠨ ᠵᠠᠰᠠᠬᠤ ᠣᠷᠣᠨ ᠦ ᠦᠨᠳ᠋ᠥᠷ ᠵᠡᠷᠬᠡ ᠶᠢᠨ ᠰᠢᠭᠦᠭᠦ ᠬᠤᠷᠢᠶᠠᠨ ᠠ᠋ᠴᠠ ᠤᠳ᠋ᠤᠷᠢᠳ᠋ᠤᠯᠭ᠎ᠠ ᠶᠢᠨ ᠳᠠᠭᠠᠭᠤᠯᠤᠭᠰᠠᠨ ᠰᠢᠪᠠᠳ᠋ᠠᠨ ᠵᠢᠯᠤᠭᠤᠳᠬᠤ ᠳᠣᠭᠣᠢᠯᠠᠩ ᠲᠣᠮᠢᠯᠠᠵᠤ ᠂ ᠡᠯ᠎ᠡ ᠰᠢᠯᠭᠠᠬᠤ ᠴᠢᠭ᠌ ᠲᠦ ᠣᠴᠢᠵᠤ ᠰᠢᠯᠭᠠᠨ ᠪᠠᠢᠴᠠᠭᠠᠵᠤ ᠂ ᠣᠷᠳ᠋ᠤᠰ ᠬᠤᠲᠠᠨ ᠦ ᠨᠠᠮ ᠤᠨ ᠬᠤᠷᠢᠶᠠᠨ ᠦ ᠵᠤᠬᠢᠶᠠᠨ ᠪᠠᠢᠭᠤᠯᠬᠤ ᠬᠡᠯᠲᠡᠰ ᠂ ᠤᠯᠤᠰ ᠲᠦ᠋ᠷᠥ ᠶᠢᠨ ᠬᠠᠤᠯᠢ ᠴᠠᠭᠠᠵᠠ ᠶᠢᠨ ᠬᠤᠷᠢᠶ᠎ᠠ ᠵᠡᠷᠭᠡ ᠬᠤᠯᠪᠤᠭᠳ᠋ᠠᠯ ᠪᠦᠬᠦᠢ ᠰᠠᠯᠠᠭ᠎ᠠ ᠮᠦ᠋ᠴᠢᠷ ᠦᠨ ᠤᠳ᠋ᠤᠷᠢᠳ᠋ᠤᠯᠭ᠎ᠠ ᠴᠤ ᠰᠢᠯᠭᠠᠯᠲᠠ ᠶᠢᠨ ᠡᠳ᠋ᠦᠷ ᠰᠢᠯᠭᠠᠯᠲᠠ ᠶᠢᠨ ᠲᠠᠯᠠᠪᠠᠢ ᠶᠢᠨ ᠰᠠᠬᠢᠯᠭ᠎ᠠ ᠪᠠᠲᠤ ᠶᠢ ᠬᠢᠨ᠋ᠠᠨ ᠪᠠᠢᠴᠠᠭᠠᠭᠰᠠᠨ ᠪᠠᠢᠨ᠎ᠠ ᠃
ᠦᠨᠡᠯᠡᠬᠦ 0ᠦᠨᠡᠯᠡᠯᠲᠡ ᠲᠠᠢ