ᠡᠵᠡᠨ ᠬᠤᠷᠤᠭ᠎ᠠ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠲᠦᠬᠦᠮ ᠳᠠᠨᠢᠴᠠᠭᠤᠯᠭ᠎ᠠ
2012.07.30 ᠲᠣᠰ ᠥᠷᠲᠡᠭᠡᠨ ᠦ ᠨᠠᠢᠷᠠᠭᠤᠯᠤᠭᠴᠢ

ᠡᠵᠡᠨ ᠬᠤᠷᠤᠭ᠎ᠠ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠤᠷᠳᠤᠰ ᠬᠤᠳᠠ ᠶᠢᠨ ᠪᠠᠷᠠᠭᠤᠨ ᠡᠮᠦᠨ᠎ᠠ ᠪᠠᠢᠷᠢᠯᠠᠵᠤ᠂ ᠬᠠᠷᠢᠶ᠎ᠠ ᠪᠦᠬᠦᠢ ᠤᠷᠤᠨ ᠨᠢ ᠤᠬᠢ ᠰᠠᠢᠨ ᠨᠡᠭᠦᠷᠡᠰᠦ ᠡᠯᠪᠡᠭ ᠢᠶᠡᠷ ᠳᠡᠯᠡᠬᠡᠢ ᠳᠦ ᠨᠡᠷ᠎ᠠ ᠠᠯᠳᠠᠷᠰᠢᠵᠤ ᠂ ᠨᠢᠬᠡ ᠦᠶ᠎ᠠ ᠶᠢᠨ ᠲᠡᠭᠷᠢᠯᠢᠭ ᠬᠦᠪᠡᠭᠦᠨ ᠴᠢᠩᠬᠢᠰ ᠬᠠᠭᠠᠨ ᠤ ᠦᠨᠢᠳᠡ ᠨᠣᠢᠷᠰᠤᠭᠰᠠᠨ ᠭᠠᠵᠠᠷ ᠂ 《ᠨᠡᠭᠦᠷᠡᠰᠦᠨ ᠳᠠᠯᠠᠢ ᠨᠤᠭᠤᠭᠠᠨ ᠪᠦᠷᠢᠲᠦ᠂ ᠳᠡᠭᠷᠢᠯᠢᠭ ᠬᠥᠪᠡᠭᠦᠨ ᠦ ᠠᠷᠢᠭᠤᠨ ᠤᠷᠤᠨ》ᠭᠡᠰᠡᠨ ᠨᠡᠷ᠎ᠠ ᠲᠠᠢ ᠶᠤᠮ ᠃ ᠡᠵᠡᠨ ᠬᠤᠷᠤᠭ᠎ᠠ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ 1958 ᠤᠨ ᠳᠤ ᠪᠠᠢᠭᠤᠯᠤᠭᠳᠠᠵᠠᠢ ᠃ ᠬᠠᠷᠢᠶ᠎ᠠ ᠪᠦᠬᠦᠢ ᠤᠷᠤᠨ ᠤ ᠳᠠᠯᠠᠪᠠᠢ ᠨᠢ 5587.9 ᠲᠡᠭᠰᠢ ᠲᠦᠷᠪᠡᠯᠵᠢᠨ ᠺᠢᠯᠣᠮᠧᠲ᠋ᠷ ᠂ ᠬᠦᠮᠦᠨ ᠠᠮᠠ 14 ᠲᠦᠮᠡ ᠃ ᠤᠳᠤᠬᠠᠨ ᠳᠤ ᠳᠤᠳᠤᠭᠠᠳᠤ ᠪᠠᠢᠭᠤᠯᠤᠯᠮᠵᠢ 16 (ᠡᠭᠦᠨ ᠦ ᠳᠤᠮᠳᠠ ᠲᠤᠮᠢᠯᠠᠭᠰᠠᠨ ᠠᠷᠠᠳ ᠤᠨ ᠰᠢᠬᠦᠬᠦ ᠲᠢᠩᠬᠢᠮ 3 ᠪᠠᠢᠳᠠᠭ᠂ ᠳᠠᠷᠤᠢ ᠤᠯᠠᠭᠠᠨ ᠮᠦᠷᠡᠨ ᠠᠷᠠᠳ ᠤᠨ ᠰᠢᠬᠦᠬᠦ ᠬᠤᠷᠢᠶ᠎ᠠ ᠂ ᠬᠤᠷᠤᠭ᠎ᠠ ᠠᠷᠠᠳ ᠤᠨ ᠰᠢᠬᠦᠬᠦ ᠲᠢᠩᠬᠢᠮ᠂ ᠰᠤᠪᠤᠷᠭ᠎ᠠ ᠠᠷᠠᠳ ᠤᠨ ᠰᠢᠬᠦᠬᠦ ᠲᠢᠩᠬᠢᠮ )᠂ ᠪᠦᠬᠦ ᠬᠤᠷᠢᠶ᠎ᠠ ᠤᠳᠤ 73 ᠺᠠᠲᠠᠷ ᠴᠠᠭᠳᠠᠭ᠎ᠠ ᠲᠠᠢ ᠂ ᠡᠭᠦᠨ ᠦ ᠳᠤᠮᠳᠠ ᠳᠤᠰᠬᠠᠢ ᠮᠡᠷᠬᠡᠵᠢᠯ ᠦᠨ ᠳᠡᠭᠡᠳᠦ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ ᠨᠢ 65 ᠬᠦᠮᠦᠨ ᠂ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠳᠠᠷ ᠲᠠᠢ ᠨᠢ 47 ᠬᠦᠮᠦᠨ ᠂ ᠡᠪ ᠬᠠᠮᠳᠤ ᠨᠠᠮ ᠤᠨ ᠬᠡᠰᠢᠬᠦᠨ 60 ᠬᠦᠮᠦᠨ ᠂ ᠴᠦᠬᠡᠨ ᠳᠤᠭᠠᠳᠤ ᠦᠨᠳᠦᠰᠦᠲᠡᠨ ᠦ ᠺᠠᠲᠠᠷ 16 ᠬᠦᠮᠦᠨ ᠪᠠᠢᠨ᠎ᠠ ᠃

    ᠤᠢᠷ᠎ᠠ ᠶᠢᠨ ᠵᠢᠯ ᠳᠦ ᠂ ᠡᠵᠡᠨ ᠬᠤᠷᠤᠭ᠎ᠠ ᠬᠤᠰᠢᠭᠤ ᠨᠢ ᠡᠬᠢ ᠪᠠᠶᠠᠯᠢᠭ ᠡᠯᠪᠡᠭ ᠳᠡᠯᠪᠡᠭ ᠲᠦ ᠲᠦᠰᠢᠨ ᠂ ᠭᠦᠭᠵᠢᠯᠲᠡ ᠶᠢᠨ ᠳᠤᠬᠢᠶᠠᠯ ᠢ ᠠᠳᠬᠤᠨ ᠂《ᠠᠵᠤ ᠦᠢᠯᠳᠪᠦᠷᠢ ᠬᠤᠰᠢᠭᠤ ᠶᠢ ᠬᠦᠴᠦᠷᠭᠡᠭᠵᠢᠬᠦᠯᠬᠦ ᠂ ᠠᠮᠢ ᠠᠬᠤᠢ ᠬᠤᠰᠢᠭᠤ ᠶᠢ ᠳᠤᠭᠳᠠᠪᠤᠷᠢᠵᠢᠭᠤᠯᠵᠤ ᠂ ᠰᠢᠨᠵᠢᠯᠡᠬᠦ ᠮᠡᠷᠬᠡᠵᠢᠯ ᠬᠤᠰᠢᠭᠤ ᠶᠢ ᠪᠠᠶᠠᠨ ᠪᠤᠯᠭᠠᠬᠤ》ᠪᠠᠢᠯᠳᠤᠬᠤ ᠪᠤᠳᠤᠯᠭ᠎ᠠ ᠶᠢ ᠬᠡᠷᠡᠭᠵᠢᠭᠦᠯᠦᠭᠰᠡᠨ ᠡᠴᠡ ᠡᠵᠡᠨ ᠬᠤᠷᠤᠭ᠎ᠠ ᠬᠤᠰᠢᠭᠤᠨ ᠤ ᠡᠯ᠎ᠠ ᠲᠦᠷᠦᠯ ᠦᠨ ᠠᠵᠢᠯ ᠦᠢᠯᠡᠰ ᠦᠳᠳᠡᠷ ᠲᠦᠷᠬᠡᠨ ᠬᠦᠭᠵᠢᠭᠰᠡᠨ ᠪᠠᠢᠨ᠎ᠠ ᠃ 2006 ᠤᠨ ᠤ ᠡᠳ᠋ ᠦᠨ ᠵᠠᠰᠠᠭ ᠤᠨ ᠤᠷᠤᠯᠭ᠎ᠠ 20.7 ᠳ᠋ᠦᠩᠰᠢᠭᠤᠷ ᠲᠦᠬᠦᠷᠢᠭ ᠂ ᠶᠡᠷᠦᠩᠬᠡᠢ ᠬᠦᠴᠦᠨ ᠪᠦᠬᠦ ᠤᠯᠤᠰ ᠤᠨ ᠵᠠᠭᠤᠨ ᠬᠦᠴᠦᠷᠬᠡᠭ ᠰᠢᠶᠠᠨ ᠤᠷᠤᠨ ᠤ ᠡᠮᠦᠨ᠎ᠠ 50 ᠳᠤ ᠤᠷᠤᠵᠤ ᠂ ᠪᠦᠬᠦ ᠤᠷᠤᠨ ᠤ 69 ᠬᠠᠰᠢᠭᠤ ᠰᠢᠶᠠᠨ ᠤ 2 ᠳ᠋ᠤᠭᠠᠷ ᠲᠤ ᠤᠷᠤᠭᠰᠠᠨ ᠪᠠᠢᠨ᠎ᠠ ᠃ ᠡᠳ᠋ ᠪᠤᠳᠠᠰ ᠲᠦᠬᠦᠬᠡᠷᠦᠮᠵᠢ ᠶᠢᠨ ᠪᠦᠲᠦᠭᠡᠨ ᠪᠠᠢᠭᠤᠯᠤᠯᠲᠠ ᠳᠡᠭᠡᠷ᠎ᠠ ᠂ 2004 ᠤᠨ ᠠᠴᠠ ᠨᠠᠭᠠᠰᠢ ᠪᠡᠯᠡ ᠤᠷᠤᠭᠤᠯᠠᠭᠰᠠᠨ ᠮᠦᠩᠬᠦ ᠨᠢ 642 ᠲᠦᠮᠡ ᠢᠯᠡᠭᠦᠦ ᠃ ᠡᠭᠦᠨ ᠦ ᠳᠤᠮᠳᠠ᠄ 442 ᠲᠦᠮᠡᠨ ᠲᠦᠬᠦᠷᠢᠭ ᠪᠡᠯᠡ ᠤᠷᠤᠭᠤᠯᠵᠤ 3140 ᠲᠡᠭᠰᠢ ᠲᠦᠷᠪᠡᠯᠵᠢᠨ ᠮᠧᠲ᠋ᠷ ᠰᠢᠬᠦᠨ ᠳᠠᠰᠤᠯᠤᠯᠲᠠ ᠶᠢᠨ ᠶᠡᠬᠡ ᠠᠰᠠᠷ ᠢ ᠰᠢᠨ᠎ᠠ ᠪᠠᠷ ᠪᠠᠷᠢᠵᠤ ᠂ 70 ᠲᠦᠮᠡᠨ ᠲᠦᠬᠦᠷᠢᠭ ᠪᠡᠯᠡ ᠤᠷᠤᠭᠤᠯᠤᠨ ᠠᠯᠪᠠᠨ ᠭᠡᠷ ᠦᠨ ᠲᠦᠬᠦᠬᠡᠷᠦᠮᠵᠢ ᠶᠢ ᠰᠢᠨᠡᠴᠢᠯᠡᠭᠰᠡᠨ ᠪᠠᠢᠨ᠎ᠠ ᠂ ᠰᠢᠬᠦᠬᠦ ᠬᠤᠷᠢᠶᠠᠨ ᠤ ᠳᠤᠳᠤᠭᠠᠳᠤ ᠰᠦᠯᠵᠢᠶ᠎ᠠ ᠪᠠᠢᠭᠤᠯᠵᠤ ᠂ ᠬᠦᠮᠦᠨ ᠪᠦᠷᠢ ᠨᠢᠬᠡ ᠺᠣᠮᠫᠢᠦ᠋ᠲ᠋ᠧᠷ ᠲᠠᠢ ᠶᠢ ᠪᠡᠶᠡᠯᠡᠬᠦᠯᠵᠦ ᠂ 130 ᠲᠦᠮᠡᠨ ᠲᠦᠬᠦᠷᠢᠭ ᠪᠡᠯᠡ ᠤᠷᠤᠭᠤᠯᠵᠤ 7 ᠲᠡᠷᠬᠡ ᠰᠢᠨᠡᠴᠢᠡᠯᠭᠰᠡᠨ ᠪᠠᠢᠨ᠎ᠠ ᠃ ᠰᠢᠨ᠎ᠠ ᠳᠤᠬᠢᠶᠠᠯ ᠪᠠ ᠦᠷᠢᠰᠦᠯᠳᠦᠬᠡᠨ ᠳᠦ ᠬᠠᠨᠳᠤᠭᠤᠯᠤᠨ᠂ ᠡᠵᠡᠨ ᠬᠤᠷᠤᠭ᠎ᠠ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠴᠠᠭ ᠦᠶ᠎ᠠ ᠲᠠᠢ ᠬᠠᠮᠳᠤ ᠤᠷᠤᠭᠰᠢᠯᠠᠨ ᠂ ᠰᠢᠨ᠎ᠠ ᠶᠢ ᠡᠭᠦᠳᠦᠨ᠎ᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )