ᠤᠳᠤᠭ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠲᠦᠬᠦᠮ ᠲᠠᠨᠢᠴᠠᠭᠤᠯᠭ᠎ᠠ
2012.07.30 ᠲᠣᠰ ᠥᠷᠲᠡᠭᠡᠨ ᠦ ᠨᠠᠢᠷᠠᠭᠤᠯᠤᠭᠴᠢ

ᠤᠳᠤᠭ ᠬᠤᠰᠢᠭᠤ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠷᠠᠭᠤᠨ ᠡᠮᠦᠨ᠎ᠠ ᠂ ᠤᠷᠳᠤᠰ ᠬᠤᠳᠠ ᠶᠢᠨ ᠪᠠᠷᠠᠭᠤᠨ ᠲᠠᠯ᠎ᠠ ᠳᠤ ᠪᠠᠢᠷᠢᠯᠠᠵᠤ ᠂ ᠶᠡᠷᠦᠩᠬᠡᠢ ᠳᠠᠯᠠᠪᠠᠢ 2.1ᠲᠦᠮᠡᠨ ᠳᠡᠭᠰᠢ ᠲᠦᠷᠪᠡᠯᠵᠢᠨ ᠺᠢᠯᠣᠮᠧᠲ᠋ᠷ᠂ ᠬᠠᠷᠢᠶ᠎ᠠ ᠪᠦᠬᠦᠢ 6 ᠰᠤᠮᠤ ᠪᠠᠯᠭᠠᠰᠤ ᠂ 76 ᠭᠠᠴᠠᠭ᠎ᠠ ᠲᠠᠢ ᠂ ᠶᠡᠷᠦᠩᠬᠡᠢ ᠬᠦᠮᠦᠨ ᠠᠮᠠ 16.37 ᠲᠦᠮᠡ ᠂ ᠮᠤᠩᠭᠤᠯ ᠦᠨᠳᠦᠰᠦᠲᠡᠨ ᠢᠶᠡᠷ ᠭᠤᠤᠯ ᠴᠤᠭᠴᠠ ᠂ ᠬᠢᠳᠠᠳ ᠦᠨᠳᠦᠰᠦᠲᠡᠨ ᠤᠯᠠᠩᠬᠢ ᠲᠤᠭ᠎ᠠ ᠶᠢ ᠡᠵᠡᠯᠡᠵᠦ ᠂ ᠮᠠᠯᠵᠢᠬᠤ ᠠᠵᠤ ᠠᠬᠤᠢ ᠪᠠᠷ ᠰᠠᠭᠤᠷᠢ ᠪᠤᠯᠭᠠᠵᠤ ᠂  ᠠᠵᠤ ᠦᠢᠯᠡᠳᠪᠦᠷᠢ ᠪᠡᠷ ᠤᠳᠤᠷᠢᠳᠤᠮᠵᠢ ᠪᠤᠯᠭᠠᠭᠰᠠᠨ ᠴᠦᠬᠡᠨ ᠳᠤᠭᠠᠲᠤ ᠦᠨᠳᠦᠰᠦᠲᠡᠨ ᠲᠦᠪᠯᠡᠷᠡᠭᠰᠡᠨ ᠤᠷᠤᠨ ᠪᠤᠯᠤᠨ᠎ᠠ ᠃ ᠤᠳᠤᠭ ᠬᠤᠰᠢᠭᠤ ᠡᠳ᠋ ᠪᠤᠳᠠᠰ ᠪᠠᠶᠠᠨ ᠂ ᠡᠭᠢ ᠪᠠᠶᠠᠯᠢᠭ ᠡᠯᠪᠡᠭ ᠳᠡᠯᠪᠡᠭ ᠂ ᠨᠢᠭᠡᠨᠲᠡ ᠬᠠᠢᠨ ᠳᠤᠳᠤᠯᠤᠭᠰᠠᠨ ᠨᠢ ᠨᠡᠭᠦᠷᠡᠰᠦ ᠂ ᠵᠤᠭᠠᠩ ᠂ ᠲᠡᠮᠦᠷ ᠦᠨ ᠬᠦᠳᠡᠷ ᠂ ᠴᠠᠬᠢᠭᠤᠷ ᠴᠢᠯᠠᠭᠤ ᠂ ᠪᠠᠢᠭᠠᠯᠢ ᠶᠢᠨ ᠰᠢᠳᠠᠮᠠᠬᠠᠢ ᠬᠡᠢ ᠵᠡᠷᠬᠡ ᠠᠵᠤ ᠦᠢᠯᠡᠳᠪᠦᠷᠢ ᠨᠡᠬᠡᠬᠡᠨ ᠠᠰᠢᠭᠯᠠᠵᠤ ᠪᠤᠯᠬᠤᠢᠴᠠ ᠠᠭᠤᠷᠬᠠᠢ  ᠶᠢᠨ ᠭᠠᠷᠤᠯᠲᠠ 48 ᠵᠦᠢᠯ ᠪᠠᠢᠵᠤ ᠂ ᠳᠤᠳᠤᠭᠠᠳᠤ ᠭᠠᠳᠠᠭᠠᠲᠤ ᠨᠡᠷ᠎ᠠ ᠠᠯᠳᠠᠷᠰᠢᠭᠰᠠᠨ 《ᠰᠢᠷᠭᠡᠭᠯᠢᠭ ᠡᠷᠳᠡᠨᠢ ᠶᠢᠨ ᠴᠢᠯᠠᠭᠤ》《ᠵᠦᠭᠡᠯᠡᠨ ᠠᠯᠲᠠ》ᠠᠷᠪᠠᠰ ᠤᠨ ᠴᠠᠭᠠᠨ ᠢᠮᠠᠭᠠᠨ ᠨᠤᠤᠯᠤᠷ ᠤᠨ ᠭᠠᠷᠤᠯᠲᠠ ᠶᠢᠨ ᠭᠠᠵᠠᠷ ᠪᠠᠢᠨ᠎ᠠ ᠂ ᠤᠳᠤᠬᠠᠨ ᠤ ᠮᠠᠨ ᠤ ᠤᠯᠤᠰ ᠤᠨ ᠬᠠᠢᠨ ᠢᠯᠡᠷᠡᠬᠦᠯᠦᠭᠰᠡᠨ ᠬᠠᠳᠠᠭᠠᠯᠠᠭᠳᠠᠭᠴᠠ ᠬᠠᠮᠤᠭ ᠤᠨ ᠶᠡᠬᠡ ᠬᠡᠪᠴᠢᠶᠡᠨ ᠦ ᠰᠢᠳᠡᠭᠴᠢ ᠬᠡᠢ ᠶᠢᠨ ᠱᠦᠷᠬᠡᠢ ᠬᠡᠢ ᠶᠢᠨ ᠭᠤᠤᠯ ᠭᠠᠷᠤᠯᠲᠠ ᠶᠢᠨ ᠤᠷᠤᠨ ᠤ ᠨᠢᠬᠡ ᠨᠢ ᠪᠠᠢᠵᠤ ᠂ ᠪᠠᠷᠠᠭᠤᠨ ᠤᠷᠳᠤᠰ ᠤᠨ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠤᠷᠤᠨ ᠤ ᠬᠠᠷᠢᠶ᠎ᠠ ᠭᠠᠵᠠᠷ ᠂ ᠬᠢᠵᠠᠭᠠᠷ ᠳᠤᠳᠤᠷ᠎ᠠ 《ᠲᠠᠯ᠎ᠠ ᠨᠤᠳᠤᠭ ᠤᠨ ᠳ᠋ᠦᠨᠬᠤᠸᠠᠩ》ᠨᠡᠷ᠎ᠠ ᠲᠠᠢ ᠤᠯᠤᠰ ᠤᠨ ᠳᠡᠰ  ᠦᠨ ᠭᠣᠣᠯᠳᠠᠯᠭ᠎ᠠ ᠲᠠᠢ ᠳᠡᠤᠬᠡ ᠶᠢᠨ ᠳᠤᠷᠠᠰᠠᠬᠠᠯᠲᠤ ᠬᠠᠮᠠᠭᠠᠯᠠᠭᠳᠠᠬᠤ ᠨᠢᠭᠡᠴᠡ ᠠᠷᠰᠠᠢ ᠶᠢᠨ ᠴᠢᠯᠠᠭᠤᠨ ᠠᠭᠤᠢ ᠪᠠ ᠤᠯᠤᠰ ᠤᠨ ᠳᠡᠰ ᠦᠨ ᠠᠪᠤᠷᠭᠤ ᠭᠦᠷᠪᠡᠯ ᠦᠨ ᠤᠯᠠ ᠮᠦᠷ ᠦᠨ ᠭᠠᠵᠠᠷ ᠰᠢᠨᠵᠢᠯᠡᠭᠡᠨ ᠦ ᠴᠡᠴᠡᠷᠯᠢᠭ ᠵᠡᠷᠬᠡ ᠬᠦᠮᠦᠨ ᠰᠤᠶᠤᠯ ᠪᠠᠢᠭᠠᠯᠢ ᠶᠢᠨ ᠦᠵᠡᠮᠵᠢ ᠲᠠᠢ ᠃ ᠤᠳᠤᠭ ᠬᠤᠰᠢᠭᠤ ᠭᠠᠵᠠᠷ ᠤᠨ ᠪᠠᠢᠷᠢ ᠲᠠᠪᠠᠭᠤᠯᠢᠭ ᠪᠠᠢᠵᠤ ᠂ ᠪᠡᠭᠡᠵᠢᠩ ᠲᠦᠪᠡᠳ ᠂ ᠴᠢᠪᠠᠭᠠᠨᠴᠠ ᠶᠢᠨ ᠬᠤᠳᠳᠤᠭ ᠳ᠋ᠦᠩᠱᠧᠩ ᠦᠨᠳᠦᠷ ᠬᠤᠷᠳᠤᠴᠠᠳᠤ ᠵᠠᠰᠠᠮᠠᠯ ᠵᠠᠮ ᠂ ᠪᠡᠭᠡᠵᠢᠩ ᠯᠠᠨᠵᠸᠦ ᠂ ᠵᠡᠬᠦᠨ ᠤᠰᠤᠳᠤ ᠲᠡᠮᠦᠷ ᠵᠠᠮ ᠦᠩᠭᠡᠷᠡᠵᠦ ᠂ ᠬᠥᠬᠡᠬᠣᠲᠠ ᠪᠤᠭᠤᠲᠤ ᠤᠷᠳᠤᠰ ᠭᠤᠷᠪᠠᠯᠵᠢᠨ ᠠᠵᠤ ᠠᠬᠤᠢ ᠶᠢᠨ ᠤᠷᠤᠨ ᠤ ᠴᠢᠬᠤᠯᠠ ᠪᠦᠷᠢᠯᠳᠡᠬᠦᠨ ᠪᠦᠬᠡᠳ ᠦᠪᠡᠷᠲᠡᠭᠡᠨ ᠵᠠᠰᠠᠬᠤ ᠤᠷᠤᠨ ᠤ ᠪᠠᠷᠠᠭᠤᠨ ᠬᠡᠰᠡᠭ ᠦᠬᠠᠢ— ᠤᠰᠤᠲᠠᠢ — ᠴᠢᠪᠠᠭᠠᠨᠴᠠ ᠶᠢᠨ ᠬᠤᠳᠳᠤᠭ 《ᠵᠢᠵᠢᠭ᠌ ᠭᠤᠷᠪᠠᠯᠵᠢᠨ》 ᠤ ᠭᠤᠤᠯ ᠥᠨᠴᠦᠭ ᠮᠦᠨ ᠃ ᠤᠢᠷ᠎ᠠ ᠶᠢᠨ ᠵᠢᠯ ᠳᠦ ᠂ ᠤᠳᠤᠭ ᠬᠤᠰᠢᠭᠤ ᠨᠢ ᠡᠯᠪᠡᠭ ᠪᠠᠶᠠᠯᠢᠭ ᠠᠭᠤᠷᠬᠠᠢ ᠶᠢᠨ ᠭᠠᠷᠤᠯᠲᠠ ᠪᠠᠷ ᠲᠦᠰᠢᠭ ᠪᠤᠯᠭᠠᠨ ᠂ 《ᠵᠢᠵᠢᠭ᠌ ᠭᠤᠷᠪᠠᠯᠵᠢᠨ》 ᠤ ᠡᠨᠧᠷᠭᠢ ᠬᠦᠨᠳᠦ ᠬᠢᠮᠢ ᠶᠢᠨ ᠠᠵᠤ ᠦᠢᠯᠡᠳᠪᠦᠷᠢ ᠶᠢᠨ ᠰᠠᠭᠤᠷᠢᠨ ᠭᠠᠵᠠᠷ ᠤᠨ ᠲᠡᠤᠬᠡᠲᠦ ᠤᠴᠠᠷᠠᠯ ᠢ ᠠᠳᠬᠤᠵᠤ ᠂ ᠤᠷᠳᠤᠰ ᠤᠨ ᠢᠮᠠᠭᠠᠨ ᠨᠤᠤᠯᠤᠷ ᠂ ᠮᠸᠩ ᠰᠢ ᠂ ᠱᠸᠨ ᠬᠤᠸᠠ ᠵᠡᠷᠬᠡ ᠤᠯᠤᠰ ᠤᠨ ᠲᠤᠳᠤᠭᠠᠳᠤ ᠶᠢᠨ ᠲᠤᠮᠤ ᠠᠵᠤ ᠠᠬᠤᠢᠯᠠᠯ ᠪᠠ ᠠᠮᠧᠷᠢᠺᠠ  ᠶᠢᠨ ᠭᠤᠤ ᠱᠸᠩ ᠂ ᠶᠠᠫᠤᠨ ᠤ ᠰᠠᠨ ᠵᠢᠩ ᠵᠡᠷᠬᠡ ᠳᠡᠯᠡᠬᠡᠢ ᠶᠢᠨ 500 ᠬᠦᠴᠦᠷᠬᠡᠭ ᠠᠵᠤ ᠠᠬᠤᠢᠯᠠᠯ ᠢ ᠤᠷᠤᠭᠤᠯᠵᠤ ᠂ ᠬᠡᠷᠡᠭᠵᠢᠭᠦᠯᠵᠦ ᠪᠠᠢᠭ᠎ᠠ ᠢᠨᠵᠧᠨᠧᠷᠢᠩ 180 ᠭᠠᠷᠤᠢ ᠪᠠᠢᠵᠤ ᠂ ᠮᠸᠩ ᠰᠢ ᠂ ᠴᠢᠪᠠᠭᠠᠨᠴᠠ ᠶᠢᠨ ᠬᠤᠳᠳᠤᠭ ᠬᠤᠶᠠᠷ ᠤᠯᠤᠰ ᠤᠨ ᠂ ᠦᠪᠡᠷᠲᠡᠭᠡᠨ ᠵᠠᠰᠠᠬᠤ ᠤᠷᠤᠨ ᠤ ᠤᠷᠴᠢᠯ ᠠᠵᠤ ᠠᠬᠤᠢ ᠶᠢᠨ ᠵᠢᠱᠢᠶᠡᠴᠢ ᠠᠵᠤ ᠦᠢᠯᠡᠳᠪᠦᠷᠢ ᠶᠢᠨ ᠲᠤᠭᠤᠷᠢᠭ ᠢ ᠠᠮᠵᠢᠯᠲᠠ ᠪᠠᠷ ᠪᠠᠢᠭᠤᠯᠵᠤ ᠂ ᠨᠡᠭᠦᠷᠡᠰᠦ — ᠴᠠᠬᠢᠯᠭᠠᠨ — ᠲᠡᠮᠦᠷ ᠪᠤᠯᠪᠠᠰᠤᠷᠠᠭᠤᠯᠬᠤ — ᠬᠠᠮᠢᠶ᠎ᠠ ᠪᠦᠬᠦᠢ ᠪᠦᠲᠦᠭᠡᠭᠳᠡᠭᠦᠨ ᠂ ᠨᠡᠭᠦᠷᠡᠰᠦ — ᠰᠢᠳᠠᠭᠠᠮᠠᠯ ᠨᠡᠭᠦᠷᠡᠰᠦ — ᠲᠤᠰᠤ(ᠬᠡᠢ)— ᠬᠢᠮᠢ ᠶᠢᠨ ᠠᠵᠤ ᠦᠢᠯᠡᠳᠪᠦᠷᠢ ᠪᠤᠯᠤᠨ ᠳᠡᠬᠡᠳᠦ ᠰᠢᠨ᠎ᠠ ᠮᠠᠲ᠋ᠧᠷᠢᠶᠠᠯ ᠤᠨ ᠦᠢᠯᠡᠳᠪᠦᠷᠢ ᠶᠢᠨ ᠬᠡᠯᠬᠢᠶ᠎ᠠ ᠶᠢ ᠠᠩᠬ᠎ᠠ ᠠᠯᠬᠤᠮ ᠪᠣᠢᠵᠢᠭᠤᠯᠤᠭᠰᠠᠨ ᠪᠠᠢᠨ᠎ᠠ ᠃ 2011 ᠤᠨ ᠳᠤ ᠂ ᠳᠤᠬᠠᠢ ᠶᠢᠨ ᠭᠠᠵᠠᠷ ᠤᠨ ᠦᠢᠯᠡᠳᠪᠦᠷᠢᠯᠡᠯ ᠦᠨ ᠶᠡᠷᠦᠩᠬᠡᠢ ᠦᠷᠲᠡᠭ 329.2 ᠳ᠋ᠦᠩᠰᠢᠭᠤᠷ ᠲᠦᠬᠦᠷᠢᠭ ᠂ ᠠᠳᠠᠯᠢ ᠬᠤᠭᠤᠴᠠᠭᠠᠨ ᠠᠴᠠ 15% ᠨᠡᠮᠡᠭᠳᠡᠵᠦ ᠃ ᠡᠳ᠋ ᠦᠨ ᠵᠠᠰᠠᠭ ᠤᠨ ᠶᠡᠷᠦᠨᠬᠡᠢ ᠤᠷᠤᠯᠭ᠎ᠠ 51.1 ᠳ᠋ᠦᠩᠰᠢᠭᠤᠷ ᠲᠦᠬᠦᠷᠢᠭ ᠂ ᠠᠳᠠᠯᠢ ᠬᠤᠭᠤᠴᠠᠭᠠᠨ ᠠᠴᠠ 50.1% ᠨᠡᠮᠡᠭᠳᠡᠵᠦ ᠂ ᠡᠬᠦᠨ ᠦ ᠳᠤᠮᠳᠠ ᠡᠩ ᠦᠨ ᠲᠦᠰᠦᠪ ᠦᠨ ᠤᠷᠤᠯᠭ᠎ᠠ 20.5 ᠳ᠋ᠦᠩᠰᠢᠭᠤᠷ ᠲᠦᠬᠦᠷᠢᠭ ᠂ ᠠᠳᠠᠯᠢ ᠬᠤᠭᠤᠴᠠᠭᠠᠨ ᠠᠴᠠ 53.6% ᠨᠡᠮᠡᠭᠳᠡᠬᠦ ᠶᠢ ᠪᠡᠶᠡᠯᠡᠭᠦᠯᠪᠡ ᠃ ᠳᠤᠭᠳᠠᠮᠠᠯ ᠡᠳ᠋ ᠬᠦᠷᠦᠩᠭᠡ ᠶᠢᠨ ᠪᠡᠯᠡ ᠤᠷᠤᠭᠤᠯᠠᠯᠲᠠ 220.5 ᠳ᠋ᠦᠩᠰᠢᠭᠤᠷ ᠲᠦᠬᠦᠷᠢᠭ᠂ ᠠᠳᠠᠯᠢ ᠬᠤᠭᠤᠴᠠᠭᠠᠨ ᠠᠴᠠ 10.2% ᠨᠡᠮᠡᠭᠳᠡᠬᠦ ᠶᠢ ᠪᠡᠶᠡᠯᠡᠬᠦᠯᠵᠦ ᠂ ᠬᠤᠳᠠ ᠪᠠᠯᠭᠠᠰᠤ ᠶᠢᠨ ᠰᠠᠭᠤᠭᠠᠯᠢ ᠠᠷᠠᠳ ᠤᠨ ᠬᠦᠮᠦᠨ ᠪᠦᠷᠢ ᠶᠢᠨ ᠡᠵᠡᠮᠳᠡᠵᠦ ᠪᠤᠯᠬᠤ ᠳᠤᠮᠳᠠᠴᠢ ᠤᠷᠤᠯᠭ᠎ᠠ ᠪᠠ ᠮᠠᠯᠴᠢᠨ ᠲᠠᠷᠢᠶᠠᠴᠢᠨ ᠤ ᠬᠦᠮᠦᠨ ᠪᠦᠷᠢ ᠶᠢᠨ ᠳᠤᠮᠳᠠᠴᠢ ᠴᠤᠯᠤ ᠤᠷᠤᠯᠭ᠎ᠠ ᠳᠤᠰᠪᠦᠷᠢ 2660 ᠲᠦᠬᠦᠷᠢᠭ ᠪᠠ 9988 ᠲᠦᠬᠦᠷᠢᠭ ᠲᠦ ᠬᠦᠷᠴᠦ ᠂ ᠠᠳᠠᠯᠢ ᠬᠤᠭᠤᠴᠠᠭᠠᠨ ᠠᠴᠠ 19.9% ᠪᠠ 14.7% ᠨᠡᠮᠡᠭᠳᠡᠵᠡᠢ ᠃ ᠶᠡᠷᠦᠩᠬᠡᠢ ᠪᠤᠳᠠᠳᠤ ᠬᠦᠴᠦᠨ ᠤᠷᠤᠨ ᠳᠠᠪᠰᠢᠨ ᠂ ᠪᠦᠬᠦ ᠤᠯᠤᠰ ᠤᠨ ᠰᠢᠶᠠᠨ ᠤ ᠬᠡᠪᠴᠢᠶᠡᠨ ᠦ ᠠᠵᠤ ᠠᠬᠤᠢ ᠶᠢᠨ 105 ᠳ᠋ᠤᠭᠠᠷ ᠂ ᠪᠠᠷᠠᠭᠤᠨ ᠤᠷᠤᠨ ᠤ 9 ᠳ᠋ᠤᠭᠠᠷ ᠪᠤᠯᠤᠭᠰᠠᠨ ᠪᠠᠢᠨ᠎ᠠ ᠃

ᠤᠳᠤᠭ ᠬᠤᠰᠢᠭᠤ ᠶᠢᠨ ᠠᠷᠠᠳ ᠤᠨ ᠰᠢᠬᠦᠬᠦ ᠬᠤᠷᠢᠶ᠎ᠠ 1950 ᠤᠨ ᠳᠤ ᠪᠠᠢᠭᠤᠯᠤᠭᠳᠠᠵᠤ ᠂ ᠤᠳᠤᠬᠠᠨ ᠳᠤ ᠵᠢᠩᠬᠢᠨᠢ ᠺᠠᠲᠠᠷ ᠴᠠᠭᠳᠠᠭ᠎ᠠ 103 ᠨᠡᠷᠡᠰ ᠃ ᠡᠭᠦᠨ ᠦ ᠳᠤᠮᠳᠠ ᠂ ᠮᠤᠩᠭᠤᠯ ᠦᠨᠳᠦᠰᠦᠲᠡᠨ 35 ᠬᠦᠮᠦᠨ ᠂ ᠪᠦᠬᠦ ᠺᠠᠲᠠᠷ ᠴᠠᠭᠳᠠᠭᠠᠨ ᠳᠤᠭᠠᠨ ᠤ 34%  ᠶᠢ ᠡᠵᠡᠯᠡᠨ᠎ᠠ ᠃ ᠬᠢᠳᠠᠳ ᠦᠨᠳᠦᠰᠦᠲᠡᠨ 68 ᠬᠦᠮᠦᠨ ᠂ ᠪᠦᠬᠦ ᠺᠠᠲᠠᠷ ᠴᠠᠭᠳᠠᠭᠠᠨ ᠳᠤᠭᠠᠨ ᠤ 66%  ᠶᠢ ᠡᠵᠡᠯᠡᠨ᠎ᠠ᠃ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠲᠠᠷ ᠠᠴᠠ ᠳᠡᠭᠡᠭᠰᠢ 78 ᠬᠦᠮᠦᠨ ᠂ ᠪᠦᠬᠦ ᠺᠠᠲᠠᠷ ᠴᠠᠭᠳᠠᠭᠠᠨ ᠳᠤᠭᠠᠨ ᠤ 76%  ᠶᠢ ᠡᠵᠡᠯᠡᠨ᠎ᠠ᠃ ᠳᠤᠰᠬᠠᠢ ᠮᠡᠷᠬᠡᠵᠢᠯ ᠦᠨ ᠳᠡᠬᠡᠳᠦ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ 14 ᠬᠦᠮᠦᠨ ᠂ ᠪᠦᠬᠦ ᠺᠠᠲᠠᠷ ᠴᠠᠭᠳᠠᠭᠠᠨ ᠳᠤᠭᠠᠨ ᠤ 14%  ᠶᠢ ᠡᠵᠡᠯᠡᠨ᠎ᠠ᠃ ᠰᠢᠬᠦᠨ ᠳᠠᠰᠤᠯᠠᠬᠤ ᠡᠷᠬᠡ ᠲᠠᠢ(ᠲᠠᠳᠤᠷ ᠰᠢᠭᠦᠭᠴᠢ)53 ᠬᠦᠮᠦᠨ ᠂ ᠤᠯᠤᠰ ᠲᠦᠷᠦ ᠬᠠᠤᠯᠢ ᠴᠠᠭᠠᠵᠠ ᠶᠢᠨ ᠳᠤᠰᠬᠠᠢ ᠤᠷᠤᠨ ᠳᠤᠭᠠᠨ ᠤ ᠬᠦᠮᠦᠨ ᠦ 87%  ᠶᠢ ᠡᠵᠡᠯᠡᠨ᠎ᠠ ᠃ ᠨᠡᠢᠲᠡ 14 ᠪᠠᠢᠭᠤᠯᠤᠮᠵᠢ ᠲᠠᠢ ᠂ ᠳᠤᠰᠪᠦᠷᠢ ᠄ ᠡᠷᠡᠭᠦᠦ ᠶᠢᠨ ᠬᠡᠷᠡᠭ ᠦᠨ ᠰᠢᠬᠦᠨ ᠳᠠᠰᠤᠯᠠᠬᠤ ᠲᠢᠩᠬᠢᠮ ᠂ ᠢᠷᠭᠡᠨ ᠦ ᠬᠡᠷᠡᠭ ᠦᠨ ᠰᠢᠬᠦᠨ ᠳᠠᠰᠤᠯᠠᠬᠤ ᠨᠢᠬᠡᠳᠦᠬᠡᠷ ᠲᠢᠩᠬᠢᠮ ᠂ ᠬᠤᠶᠠᠳᠤᠭᠠᠷ ᠲᠢᠩᠬᠢᠮ ᠂ ᠭᠤᠷᠪᠠᠳᠤᠭᠠᠷ ᠲᠢᠩᠬᠢᠮ ᠂ ᠵᠠᠰᠠᠭ ᠵᠠᠬᠢᠷᠭᠠᠨ ᠤ ᠰᠢᠬᠦᠨ ᠳᠠᠰᠤᠯᠠᠬᠤ ᠲᠢᠩᠬᠢᠮ ᠂ ᠰᠢᠬᠦᠨ ᠳᠠᠰᠤᠯᠠᠤᠯᠲᠠ ᠶᠢ ᠬᠢᠨᠠᠬᠤ ᠲᠢᠩᠬᠢᠮ ᠂ ᠲᠤᠭᠤᠷᠢᠨ ᠰᠢᠬᠦᠬᠦ ᠲᠢᠩᠬᠢᠮ ᠂ ᠬᠡᠷᠡᠭ ᠳᠠᠩᠰᠠᠯᠠᠬᠤ ᠲᠢᠩᠬᠢᠮ ᠂ ᠬᠦᠢᠴᠡᠳᠬᠡᠬᠦ ᠲᠢᠩᠬᠢᠮ ᠂ ᠬᠠᠤᠯᠢ ᠶᠢᠨ ᠴᠠᠭᠳᠠᠭᠠᠨ ᠠᠩᠬᠢ ᠂ ᠠᠯᠪᠠᠨ ᠭᠡᠷ ᠂ ᠤᠯᠤᠰ ᠲᠦᠷᠦ ᠶᠢᠨ ᠬᠡᠯᠳᠡᠰ ᠂ ᠰᠠᠬᠢᠯᠭ᠎ᠠ ᠪᠠᠲᠤ ᠪᠠᠢᠴᠠᠭᠠᠬᠤ ᠳᠠᠰᠤᠭ ᠂ ᠰᠤᠳᠤᠯᠤᠬᠤ ᠳᠠᠰᠤᠭ(ᠰᠢᠬᠦᠨ ᠳᠠᠰᠤᠯᠤᠯᠲᠠ ᠶᠢᠨ ᠬᠠᠮᠢᠶᠠᠷᠤᠯᠲᠠ ᠶᠢᠨ ᠠᠯᠪᠠᠨ ᠭᠡᠷ)᠂ ᠴᠢᠪᠠᠭᠠᠨᠴᠠ ᠶᠢᠨ ᠬᠤᠳᠳᠤᠭ ᠪᠠᠯᠭᠠᠰᠤ ᠂ ᠮᠸᠩ ᠰᠢ ᠪᠠᠯᠭᠠᠰᠤ ᠶᠢᠨ ᠬᠤᠶᠠᠷ ᠲᠤᠮᠢᠯᠠᠭᠰᠠᠨ ᠠᠷᠠᠳ ᠤᠨ ᠰᠢᠬᠦᠬᠦ ᠲᠢᠩᠬᠢᠮ ᠃ 2004 ᠤᠨ ᠠᠴᠠ ᠨᠠᠭᠠᠰᠢ ᠂ ᠰᠢᠬᠦᠬᠦ ᠬᠤᠷᠢᠶᠠᠨ ᠤ ᠨᠠᠮ ᠤᠨ ᠳᠤᠭᠤᠢᠯᠠᠩ 《ᠬᠦᠴᠦᠲᠠᠢ ᠤᠳᠤᠷᠢᠳᠬᠤ ᠪᠠᠭ᠂ ᠡᠩᠨᠡᠭᠡ ᠪᠠᠢᠭᠤᠯᠵᠤ ᠂ ᠦᠷ᠎ᠡ ᠪᠦᠲᠦᠮᠵᠢ ᠡᠭᠦᠳᠴᠦ ᠂ ᠲᠦᠷᠢ ᠲᠦᠷᠬᠦ ᠪᠤᠢ ᠪᠤᠯᠭᠠᠬᠤ》ᠠᠵᠢᠯ ᠤᠨ ᠰᠡᠳᠬᠢᠴᠡ ᠶᠢ ᠪᠠᠷᠢᠮᠳᠠᠯᠠᠵᠤ ᠂ ᠳ᠋ᠧᠩ ᠰᠢᠶᠤᠤ ᠫᠢᠩ ᠦᠨ ᠤᠨᠤᠯ ᠪᠠ《ᠭᠤᠷᠪᠠ ᠶᠢ ᠲᠦᠯᠦᠭᠡᠯᠡᠬᠦ》ᠴᠢᠬᠤᠯᠠ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ ᠂ ᠰᠢᠨᠵᠢᠯᠡᠬᠦ ᠤᠬᠠᠭᠠᠨᠴᠢ ᠬᠦᠭᠵᠢᠯᠲᠡ ᠶᠢᠨ ᠤᠨᠤᠯ ᠢ ᠬᠦᠨᠵᠡᠬᠡᠢ ᠳᠤᠤᠱᠢᠯᠠᠭᠤᠯᠵᠤ ᠂ ᠨᠡᠢᠬᠡᠮ ᠵᠢᠷᠦᠮ ᠦᠨ ᠬᠠᠤᠯᠢ ᠪᠠᠷ ᠵᠠᠰᠠᠬᠤ ᠰᠤᠷᠭᠠᠨ ᠬᠦᠮᠦᠵᠢᠯ ᠢ ᠲᠦᠪᠯᠡᠷᠡᠭᠦᠯᠦᠨ ᠦᠷᠨᠢᠬᠦᠯᠵᠦ ᠂ ᠦᠨᠳᠦᠰᠦᠨ ᠬᠠᠤᠯᠢ  ᠪᠠ ᠬᠠᠤᠯᠢ ᠴᠠᠭᠠᠵᠠ ᠶᠢᠨ ᠤᠯᠭᠤᠭᠰᠠᠨ ᠲᠤᠰᠢᠶᠠᠯ ᠬᠠᠷᠢᠴᠠᠭᠤᠯᠭ᠎ᠠ ᠪᠠᠨ ᠪᠦᠬᠦ ᠲᠠᠯ᠎ᠠ ᠪᠠᠷ ᠶᠠᠪᠤᠭᠳᠠᠭᠤᠯᠵᠤ ᠂ ᠰᠢᠬᠦᠨ ᠳᠠᠰᠤᠯᠠᠬᠤ ᠡᠬᠦᠷᠭᠡ ᠬᠠᠷᠢᠴᠠᠭᠤᠯᠭ᠎ᠠ ᠪᠠᠨ ᠬᠦᠢᠴᠡᠳ ᠪᠠᠳᠠᠷᠠᠭᠤᠯᠵᠤ ᠂ ᠵᠦᠷᠢᠴᠡᠯ ᠵᠢᠭᠤᠷᠤᠯᠳᠤᠭᠠᠨ ᠢ ᠪᠠᠢᠴᠠᠭᠠᠨ ᠡᠶᠡᠳᠡᠬᠦᠯᠬᠦ ᠠᠵᠢᠯ ᠢ ᠦᠷᠬᠡᠨ ᠬᠡᠪᠴᠢᠶ᠎ᠠ ᠪᠠᠷ ᠦᠷᠨᠢᠬᠦᠯᠦᠨ ᠂ ᠨᠡᠢᠭᠡᠮ ᠦᠨ ᠲᠦᠪ ᠭᠤᠤᠯᠴᠢ ᠶᠢ ᠪᠠᠳᠤᠯᠠᠵᠤ ᠂ ᠥᠭᠡᠷᠡᠴᠢᠯᠡᠯᠲᠡ ᠬᠦᠭᠵᠢᠯᠲᠶᠡ ᠳᠦ ᠡᠶ᠎ᠠ ᠳᠤᠭᠳᠠᠭᠤᠨ ᠨᠡᠢᠭᠡᠮ ᠦᠨ ᠤᠷᠴᠢᠨ ᠳᠤᠭᠤᠷᠢᠨ ᠢ ᠪᠤᠢ ᠪᠤᠯᠭᠠᠵᠤ ᠂ ᠰᠢᠬᠦᠨ ᠳᠠᠰᠤᠯᠤᠯᠲᠠ ᠶᠢᠨ ᠠᠵᠢᠯ ᠂ ᠰᠢᠬᠦᠬᠦ ᠬᠤᠷᠢᠶᠠᠨ ᠤ ᠬᠠᠮᠢᠶᠠᠷᠤᠯᠲᠠ ᠂ ᠠᠩᠭᠢ ᠶᠢᠨ ᠪᠦᠲᠦᠭᠡᠨ ᠪᠠᠢᠭᠤᠯᠤᠯᠲᠠ ᠪᠠ ᠦᠨᠳᠦᠰᠦᠨ ᠱᠠᠳᠤᠨ ᠤ ᠰᠠᠭᠤᠷᠢ ᠪᠦᠲᠦᠬᠡᠨ ᠪᠠᠢᠭᠤᠯᠤᠯᠲᠠ ᠵᠡᠷᠬᠡ ᠳᠠᠯ᠎ᠠ ᠨᠢ ᠮᠡᠳᠡᠭᠳᠡᠮ᠎ᠠ ᠦᠷ᠎ᠠ ᠪᠦᠲᠦᠮᠵᠢ ᠤᠯᠤᠭᠰᠠᠨ ᠪᠠᠢᠨ᠎ᠠ ᠃

ᠰᠢᠬᠦᠨ ᠳᠠᠰᠤᠯᠤᠯᠲᠠ ᠶᠢᠨ ᠠᠵᠢᠯ ᠤᠨ ᠳᠠᠯ᠎ᠠ ᠪᠠᠷ ᠂ 《ᠠᠭᠤᠴᠢᠯᠠᠨ ᠰᠢᠢᠳᠬᠡᠬᠦ ᠪᠠ ᠴᠢᠩᠭ᠎ᠠ ᠰᠢᠢᠳᠬᠡᠬᠦ ᠶᠢ ᠴᠤᠭ ᠵᠠᠷᠤᠬᠤ》ᠡᠷᠡᠭᠦᠦ ᠶᠢᠨ ᠬᠡᠷᠡᠭ ᠦᠨ ᠲᠦᠷᠦ ᠶᠢᠨ ᠪᠤᠳᠤᠯᠭ᠎ᠠ ᠪᠤᠯᠤᠨ《ᠡᠶᠡᠳᠡᠬᠦᠯᠵᠦ ᠳᠡᠢᠯᠪᠡᠯ ᠡᠶᠡᠳᠡᠬᠦᠯᠵᠦ ᠂ ᠰᠢᠢᠳᠭᠡᠵᠦ ᠳᠡᠢᠯᠪᠡᠯ ᠰᠢᠢᠳᠬᠡᠵᠦ ᠂ ᠡᠶᠡᠳᠡᠬᠦᠯᠬᠦ ᠰᠢᠢᠳᠬᠡᠬᠦ ᠶᠢ ᠤᠶᠠᠯᠳᠤᠭᠤᠯᠵᠤ ᠂ ᠬᠡᠷᠡᠭ ᠢ ᠰᠢᠢᠳᠪᠦᠷᠢᠯᠡᠵᠦ ᠤᠴᠢᠷ ᠢ ᠳᠠᠭᠤᠰᠬᠠᠬᠤ》ᠢᠷᠭᠡᠨ ᠦ ᠬᠡᠷᠡᠭ ᠦᠨ ᠰᠢᠬᠦᠨ ᠳᠠᠰᠤᠯᠠᠬᠤ ᠵᠠᠷᠴᠢᠮ ᠢ ᠨᠠᠷᠢᠨ ᠬᠢᠨᠠᠮᠠᠭᠠᠢ ᠳᠤᠤᠱᠢᠯᠠᠭᠤᠯᠵᠤ ᠂ ᠵᠠᠰᠠᠭ ᠵᠠᠬᠢᠷᠭᠠᠨ ᠤ ᠵᠠᠷᠭᠤ ᠶᠢᠨ《ᠡᠶᠡᠳᠡᠬᠦᠯᠬᠦ》ᠲᠦᠷᠢᠮ ᠢ ᠢᠳᠡᠪᠬᠢᠲᠡᠢ ᠡᠷᠢᠯᠬᠢᠯᠡᠨ᠎ᠡ ᠃ᠡᠶᠡᠳᠡᠭᠦᠯᠬᠦ ᠪᠡᠷ ᠢᠷᠬᠡᠨ ᠦ ᠬᠡᠷᠡᠭ ᠠᠷᠠᠯᠵᠢᠶ᠎ᠠ ᠬᠤᠳᠠᠯᠳᠤᠭᠠᠨ ᠤ ᠬᠡᠷᠡᠭ ᠦᠨ ᠰᠢᠢᠳᠪᠦᠷᠢᠯᠡᠬᠦ ᠭᠤᠤᠯ ᠠᠷᠭ᠎ᠠ ᠠᠪᠴᠢᠯ ᠪᠤᠯᠭᠠᠨ ᠂ ᠡᠶᠡᠳᠡᠬᠦᠯᠬᠦ ᠪᠠ ᠡᠶᠡᠳᠡᠬᠦᠯᠬᠦ ᠪᠡᠷ ᠳᠠᠮᠵᠢᠵᠤ ᠵᠠᠷᠭᠤ ᠬᠢᠬᠦ ᠪᠡᠨ ᠪᠤᠯᠢᠭᠰᠠᠨ ᠢᠷᠭᠡᠨ ᠦ ᠬᠡᠷᠡᠭ ᠠᠷᠠᠯᠵᠢᠶ᠎ᠠ ᠬᠤᠳᠠᠯᠳᠤᠭᠠᠨ ᠤ ᠬᠡᠷᠡᠭ ᠦᠨ ᠰᠢᠢᠳᠪᠦᠷᠢᠯᠡᠭᠰᠡᠨ ᠨᠤᠷᠮ᠎ᠠ ᠨᠢ ᠬᠡᠵᠢᠶᠡᠳᠡ 75%  ᠡᠴᠡ ᠳᠡᠭᠡᠭᠰᠢ ᠪᠠᠢᠬᠤ ᠶᠢ ᠪᠠᠳᠤᠯᠠᠭᠰᠠᠨ ᠪᠠᠢᠨ᠎ᠠ ᠃ ᠪᠦᠷᠢᠨ ᠲᠡᠬᠦᠯᠲᠡᠷ ᠰᠢᠬᠦᠨ ᠳᠠᠰᠤᠯᠤᠯᠲᠠ ᠶᠢᠨ ᠠᠯᠬᠤᠮ ᠳᠠᠷᠠᠭ᠎ᠠ᠂ ᠬᠡᠷᠡᠭ ᠦᠨ ᠴᠢᠨᠠᠷ ᠴᠢᠨᠰᠠᠭ᠎ᠠ ᠶᠢ ᠰᠢᠯᠭᠠᠨ ᠦᠨᠡᠯᠡᠵᠦ ᠱᠠᠩᠨᠠᠨ ᠲᠤᠷᠭᠠᠬᠤ ᠂ ᠬᠠᠷᠠᠯᠲᠠ ᠶᠢᠨ ᠬᠠᠷᠢᠴᠠᠭᠤᠯᠭ᠎ᠠ ᠶᠢᠨ ᠰᠢᠯᠭᠠᠨ ᠬᠢᠨᠠᠬᠤ ᠂ ᠪᠤᠴᠠᠭᠠᠨ ᠳᠠᠬᠢᠨ ᠰᠢᠭᠦᠯᠭᠡᠬᠦ ᠪᠠ ᠴᠢᠬᠤᠯᠠ ᠶᠡᠬᠡ ᠦᠬᠡᠷᠡᠴᠢᠯᠡᠨ ᠳᠠᠰᠤᠯᠤᠭᠰᠠᠨ ᠬᠡᠷᠡᠭ ᠦᠨ ᠰᠠᠨᠠᠯ ᠰᠤᠨᠤᠰᠬᠤ ᠬᠤᠷᠠᠯ ᠵᠡᠷᠬᠡ ᠨᠢᠬᠡᠨ ᠰᠢᠷᠢᠰ ᠰᠢᠬᠦᠨ ᠳᠠᠰᠤᠯᠤᠯᠲᠠ ᠶᠢᠨ ᠬᠠᠮᠢᠶᠠᠷᠤᠯᠲᠠ ᠶᠢᠨ ᠲᠦᠷᠢᠮ ᠳᠤᠭᠳᠠᠭᠠᠯ ᠢ ᠵᠤᠬᠢᠶᠠᠨ᠎ᠠ᠃ ᠰᠢᠬᠦᠨ ᠳᠠᠰᠤᠯᠤᠯᠲᠠ ᠶᠢᠨ ᠠᠵᠢᠯ ᠤᠨ ᠡᠶᠡᠳᠡᠬᠦᠯᠬᠦ ᠨᠤᠷᠮ᠎ᠠ ᠳᠡᠭᠡᠭᠰᠢᠯᠡᠵᠦ ᠂ ᠳᠡᠭᠡᠭᠰᠢ ᠵᠠᠭᠠᠯᠳᠤᠬᠤ ᠨᠤᠷᠮ᠎ᠠ ᠲᠤᠷᠤᠭᠰᠢᠯᠠᠵᠤ ᠂ ᠳᠠᠬᠢᠨ ᠰᠢᠬᠦᠬᠦ ᠪᠠ ᠦᠭᠡᠷᠡᠴᠢᠯᠡᠨ ᠳᠠᠰᠤᠯᠠᠬᠤ ᠨᠤᠷᠮ᠎ᠠ ᠲᠤᠷᠤᠭᠰᠢᠯᠠᠵᠤ ᠂ ᠵᠠᠷᠭᠤ  ᠳᠤ ᠬᠤᠯᠪᠤᠭᠳᠠᠭᠰᠠᠨ ᠳᠡᠭᠡᠭᠰᠢ ᠰᠤᠪᠤᠯᠵᠢᠯᠠᠬᠤ ᠨᠤᠷᠮ᠎ᠠ ᠳᠤᠷᠤᠭᠰᠢᠯᠠᠭᠰᠠᠨ ᠪᠠᠢᠳᠠᠯ ᠢᠯᠡᠷᠡᠭᠰᠡᠨ ᠪᠠᠢᠨ᠎ᠠ ᠃ 《ᠬᠦᠢᠴᠡᠳᠬᠡᠬᠦ ᠳᠦ ᠬᠦᠴᠢᠷ》ᠪᠠᠢᠳᠠᠯ  ᠳᠤ ᠬᠠᠨᠳᠤᠭᠤᠯᠤᠨ ᠂ ᠬᠦᠢᠴᠡᠳᠬᠡᠬᠦ ᠠᠵᠢᠯ ᠤᠨ ᠡᠷᠴᠢᠮ ᠢ ᠳᠠᠰᠤᠷᠤᠯᠲᠠ ᠦᠬᠡᠢ ᠴᠢᠩᠭᠠᠳᠬᠠᠵᠤ ᠂ ᠬᠦᠢᠴᠡᠳᠬᠡᠬᠦ ᠠᠵᠢᠯ ᠤᠨ ᠰᠡᠳᠬᠢᠴᠡ ᠶᠢ ᠳᠠᠰᠤᠷᠤᠯᠲᠠ ᠦᠬᠡᠢ ᠦᠷᠬᠡᠳᠬᠡᠵᠦ ᠂ ᠬᠦᠢᠴᠡᠳᠬᠡᠬᠦ ᠠᠵᠢᠯ ᠤᠨ ᠲᠦᠷᠢᠮ ᠳᠦ ᠰᠢᠨ᠎ᠠ ᠡᠭᠦᠳᠴᠦ ᠂ ᠳᠤᠬᠠᠢ ᠶᠢᠨ ᠬᠦᠮᠦᠨ ᠦ ᠵᠠᠷᠭᠤ ᠶᠢᠨ ᠡᠷᠬᠡ ᠪᠡᠨ ᠪᠤᠯᠭᠤᠮᠵᠢᠲᠠᠢ ᠬᠡᠷᠡᠭᠵᠢᠬᠦᠯᠬᠦ ᠶᠢ ᠵᠢᠯᠤᠭᠤᠳᠤᠨ ᠂ ᠵᠠᠭᠠᠯᠳᠤᠯᠭ᠎ᠠ ᠶᠢᠨ ᠲᠦᠭᠰᠢᠭᠦᠷᠢ ᠶᠢ ᠪᠠᠭᠠᠰᠬᠠᠨ᠎ᠠ ᠃ ᠶᠠᠭᠤᠨ ᠤ ᠡᠮᠦᠨ᠎ᠠ ᠪᠦᠬᠦ ᠬᠤᠳᠠᠨ ᠳᠤ ᠳᠤᠰᠬᠠᠢ ᠲᠤᠭᠤᠷᠢᠨ ᠰᠢᠬᠦᠬᠦ ᠲᠢᠩᠬᠢᠮ ᠪᠠᠢᠭᠤᠯᠵᠤ ᠂ ᠳᠤᠭᠳᠠᠭᠰᠠᠨ ᠬᠤᠭᠤᠴᠠᠭ᠎ᠠ ᠪᠠᠷ ᠪᠤᠢᠳᠠ ᠪᠥᠭᠯᠡᠭᠦᠦ ᠰᠤᠮᠤ (ᠪᠠᠯᠭᠠᠰᠤ) ᠳᠤ ᠭᠦᠨᠵᠡᠭᠡᠢᠷᠡᠨ ᠬᠡᠷᠡᠭ ᠰᠢᠢᠳᠪᠦᠷᠢᠯᠡᠵᠦ ᠂ ᠳᠤᠬᠠᠢ ᠶᠢᠨ ᠭᠠᠵᠠᠷ ᠲᠤ ᠰᠢᠬᠦᠯᠲᠡ ᠬᠢᠵᠦ ᠂ ᠤᠯᠠᠨ ᠲᠦᠮᠡᠨ ᠦ ᠵᠠᠭᠠᠯᠳᠤᠬᠤ ᠳᠤ ᠲᠦᠬᠦᠮ ᠦᠵᠡᠭᠦᠯᠦᠨ᠎ᠠ ᠃ ᠬᠠᠤᠯᠢ ᠴᠠᠭᠠᠵᠠ ᠶᠢᠨ ᠬᠠᠪᠰᠤᠷᠤᠮᠵᠢ ᠠᠵᠢᠯ ᠢ ᠴᠢᠩᠭᠠᠳᠬᠠᠵᠤ ᠂ ᠲᠤᠷᠤᠢ ᠪᠠᠭᠤᠷᠠᠢ ᠡᠳᠡᠭᠡᠳ ᠦᠨ ᠬᠠᠤᠯᠢ ᠴᠠᠭᠠᠵᠠ ᠠᠴᠠ ᠤᠯᠭᠤᠭᠰᠠᠨ ᠵᠠᠭᠠᠯᠳᠤᠬᠤ ᠡᠷᠬᠡ ᠶᠢ ᠪᠠᠳᠤᠯᠠᠨ᠎ᠠ ᠃

ᠡᠩᠨᠡᠭᠡ ᠪᠠᠢᠭᠤᠯᠬᠤ ᠲᠠᠯ᠎ᠠ ᠪᠠᠷ ᠂ ᠤᠳᠤᠷᠢᠳᠬᠤ ᠪᠠᠭ ᠤᠨ ᠪᠦᠲᠦᠬᠡᠨ ᠪᠠᠢᠭᠤᠯᠤᠯᠲᠠ ᠶᠢ ᠪᠤᠳᠠᠳᠠᠢ ᠴᠢᠩᠭᠠᠳᠬᠠᠵᠤ ᠂ ᠡᠩᠨᠡᠭᠡᠨ ᠦ ᠬᠡᠪ ᠴᠢᠨᠠᠷ ᠢ ᠪᠦᠬᠦ ᠳᠠᠯ᠎ᠠ ᠪᠠᠷ ᠳᠡᠭᠡᠭᠰᠢᠯᠡᠬᠦᠯᠵᠦ ᠂ ᠰᠢᠭᠦᠭᠴᠢ ᠪᠠ ᠪᠤᠰᠤᠳ ᠠᠵᠢᠯᠲᠠᠨ ᠤ ᠤᠯᠤᠰ ᠲᠦᠷᠦ ᠶᠢᠨ ᠬᠡᠪ ᠴᠢᠨᠠᠷ ᠂ᠳᠤᠬᠠᠢᠯᠠᠭᠰᠠᠨ ᠠᠵᠢᠯ ᠤᠨ ᠬᠡᠪ ᠴᠢᠨᠠᠷ ᠪᠠ ᠰᠠᠬᠢᠯᠭ᠎ᠠ ᠪᠠᠳᠤ ᠬᠡᠪ ᠰᠤᠷᠳᠠᠯ ᠨᠢ ᠮᠡᠳᠡᠭᠳᠡᠮ᠎ᠠ ᠳᠡᠭᠡᠭᠰᠢᠯᠡᠪᠡ ᠃ ᠠᠷᠢᠭᠤᠨ ᠴᠢᠬᠡᠴᠢ ᠪᠠᠳᠤᠯᠭ᠎ᠠ ᠶᠢᠨ ᠮᠦᠩᠭᠦ ᠶᠢ ᠳᠡᠬᠦᠯᠳᠡᠷᠵᠢᠬᠦᠯᠬᠦ ᠂ ᠬᠠᠤᠯᠢ ᠬᠡᠷᠡᠭᠵᠢᠬᠦᠯᠬᠦ ᠰᠠᠬᠢᠯᠭ᠎ᠠ ᠪᠠᠳᠤ ᠬᠡᠷᠡᠭᠵᠢᠬᠦᠯᠬᠦ ᠳᠦ ᠬᠢᠨᠠᠯᠲᠠ ᠳᠠᠯᠪᠢᠵᠤ ᠬᠠᠷᠢᠭᠤ ᠰᠤᠷᠪᠤᠯᠵᠢᠯᠠᠭ᠎ᠠ ᠬᠢᠬᠦ ᠵᠡᠷᠬᠡ ᠠᠷᠢᠭᠤᠨ ᠴᠢᠬᠡᠴᠢ ᠲᠦᠷᠢᠮ ᠳᠤᠭᠳᠠᠭᠠᠯ ᠪᠠ ᠱᠠᠮᠰᠢᠬᠤ ᠶᠢ ᠡᠰᠡᠷᠭᠦᠴᠡᠬᠦ ᠠᠵᠢᠯ ᠤᠨ ᠠᠷᠭ᠎ᠠ ᠬᠡᠮᠵᠢᠶ᠎ᠠ ᠶᠢ ᠪᠦᠲᠦᠨᠭᠡᠨ ᠪᠠᠢᠭᠤᠯᠵᠤ ᠂ ᠰᠠᠬᠢᠯᠭ᠎ᠠ ᠪᠠᠳᠤ ᠶᠢᠨ ᠬᠢᠵᠠᠭᠠᠷᠯᠠᠯ ᠢ ᠴᠢᠩᠭᠠᠳᠬᠠᠵᠤ ᠂ ᠬᠠᠤᠯᠢ ᠴᠠᠭᠠᠵᠠ ᠶᠢᠨ ᠢᠯᠵᠠᠷᠠᠮᠠᠯ ᠡᠭᠦᠰᠬᠦ ᠶᠢ ᠰᠡᠷᠭᠡᠢᠯᠡᠨ᠎ᠠ ᠃ ᠺᠠᠲᠠᠷ ᠴᠠᠭᠳᠠᠭ᠎ᠠ ᠶᠢᠨ ᠰᠤᠷᠤᠯᠭ᠎ᠠ ᠶᠢᠨ ᠨᠠᠮᠳᠠᠷ ᠤᠨ ᠰᠤᠷᠭᠠᠨ ᠬᠦᠮᠦᠵᠢᠯ ᠪᠠ ᠠᠵᠢᠯ ᠤᠨ ᠪᠠᠢᠷᠢ ᠶᠢᠨ ᠪᠤᠯᠪᠠᠰᠤᠷᠠᠯ ᠢ ᠴᠢᠩᠭᠠᠳᠬᠠᠵᠤ ᠂ ᠴᠠᠭᠳᠠᠭ᠎ᠠ ᠨᠠᠷ ᠤᠨ ᠶᠡᠷᠦᠩᠬᠡᠢᠯᠡᠭᠰᠡᠨ ᠬᠡᠪ ᠴᠢᠨᠠᠷ ᠢ ᠳᠡᠭᠡᠭᠰᠢᠯᠡᠬᠦᠯᠬᠦ ᠪᠡᠷ ᠴᠢᠷᠮᠠᠢᠨ᠎ᠠ ᠃ ᠡᠩᠨᠡᠭᠡᠨ ᠦ ᠪᠦᠬᠦ ᠴᠤᠭᠴᠠ ᠶᠢᠨ ᠬᠡᠪ ᠴᠢᠨᠠᠷ ᠢ ᠳᠡᠭᠡᠭᠰᠢᠯᠡᠬᠦᠯᠬᠦ ᠪᠡᠷ ᠰᠠᠭᠤᠷᠢ ᠪᠤᠯᠭᠠᠨ ᠂ ᠤᠷᠳᠤ ᠤᠳᠠᠭᠠᠨ ᠠᠰᠢᠭ ᠬᠦᠷᠳᠡᠬᠦ ᠢᠨᠵᠧᠨᠧᠷᠢᠩ ᠢ ᠠᠳᠬᠤᠨ ᠂ ᠤᠬᠤᠷ ᠬᠤᠭᠤᠴᠠᠭᠠᠨ ᠤ ᠲᠦᠪᠯᠡᠷᠡᠭᠦᠯᠦᠨ ᠰᠤᠷᠤᠯᠴᠠᠯᠭ᠎ᠠ ᠳᠤ ᠲᠤᠮᠢᠯᠠᠬᠤ᠂ ᠰᠤᠷᠤᠯᠴᠠᠯᠭ᠎ᠠ ᠶᠢᠨ ᠵᠠᠷᠤᠳᠠᠯ ᠢ ᠠᠯᠪᠠᠨ ᠠᠴᠠ ᠭᠠᠷᠭᠠᠬᠤ ᠵᠡᠷᠬᠡ ᠤᠯᠠᠨ ᠵᠦᠢᠯ ᠦᠨ ᠬᠡᠯᠪᠡᠷᠢ ᠪᠡᠷ ᠳᠠᠮᠵᠢᠵᠤ ᠂ ᠢᠳᠡᠪᠬᠢᠲᠡᠢ ᠵᠤᠷᠢᠭᠵᠢᠭᠤᠯᠬᠤ ᠪᠠ ᠺᠠᠲᠠᠷ ᠴᠠᠭᠳᠠᠭ᠎ᠠ ᠨᠠᠷ ᠰᠤᠷᠤᠯᠭ᠎ᠠ ᠶᠢᠨ ᠨᠠᠮᠳᠠᠷ ᠤᠨ ᠰᠤᠷᠭᠠᠨ ᠬᠦᠮᠦᠵᠢᠯ ᠪᠠ ᠤᠯᠤᠰ ᠤᠨ ᠨᠢᠬᠡᠲᠦᠯᠲᠡᠢ ᠰᠢᠯᠭᠠᠯᠲᠠ ᠳᠤ ᠤᠷᠤᠯᠴᠠᠬᠤ ᠶᠢ ᠪᠦᠬᠦ ᠬᠦᠴᠦᠨ ᠢᠶᠡᠷ ᠳᠡᠮᠵᠢᠨ᠎ᠠ ᠃ ᠪᠦᠬᠦ ᠰᠢᠬᠦᠭᠴᠢ ᠪᠦᠷ ᠶᠡᠬᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠤᠨ ᠲᠦᠪᠰᠢᠨ ᠳᠦ ᠬᠦᠷᠦᠭᠰᠡᠨ ᠮᠦᠷᠲᠡᠭᠡᠨ 8ᠨᠡᠷᠡᠰ ᠺᠠᠲᠠᠷ ᠴᠠᠭᠳᠠᠭ᠎ᠠ ᠨᠢ ᠰᠢᠯᠭᠠᠯᠲᠠ  ᠳᠤ ᠬᠢᠷᠢ ᠳᠡᠩᠴᠡᠵᠦ ᠬᠠᠤᠯᠢ ᠴᠠᠭᠠᠵᠠ ᠶᠢᠨ ᠳᠤᠰᠢᠶᠠᠯ ᠡᠬᠦᠷᠭᠡᠯᠡᠬᠦ ᠬᠢᠷᠢ ᠬᠡᠮ ᠦᠨ ᠦᠨᠡᠮᠯᠡᠯ ᠤᠯᠤᠭᠰᠠᠨ ᠪᠠᠢᠨ᠎ᠠ ᠃ ᠺᠠᠲᠠᠷ ᠴᠠᠭᠳᠠᠭᠠᠨ ᠤ ᠤᠯᠤᠰ ᠲᠦᠷᠦ ᠶᠢᠨ ᠬᠠᠷᠭᠠᠯᠵᠠᠯ ᠢ ᠳᠡᠭᠡᠳᠦ ᠬᠡᠮᠵᠢᠶ᠎ᠠ ᠪᠠᠷ ᠴᠢᠬᠤᠯᠴᠢᠯᠠᠨ ᠨᠠᠷᠢᠨ ᠬᠢᠨᠠᠮᠠᠭᠠᠢ ᠰᠢᠢᠳᠪᠦᠷᠢᠯᠡᠬᠦ ᠬᠡᠷᠡᠭᠲᠡᠢ ᠃ 2004 ᠤᠨ ᠠᠴᠠ ᠨᠠᠭᠠᠰᠢ ᠂ ᠨᠡᠢᠲᠡ ᠳᠡᠳ᠋ ᠭᠠᠵᠠᠷ ᠤᠨ ᠳᠡᠰ ᠦᠨ ᠬᠠᠷᠭᠠᠯᠵᠠᠯᠠᠯ 18 ᠬᠦᠮᠦᠨ ᠂ ᠵᠢᠩᠬᠢᠨᠢ ᠭᠠᠵᠠᠷ ᠤᠨ ᠳᠡᠰ ᠦᠨ ᠬᠠᠷᠭᠠᠯᠵᠠᠯᠠᠯ 8 ᠬᠦᠮᠦᠨ ᠢ ᠰᠢᠢᠳᠪᠦᠷᠢᠯᠡᠭᠰᠡᠨ ᠪᠠᠢᠨ᠎ᠠ ᠃ ᠤᠳᠤᠬᠠᠨ ᠳᠤ ᠂ ᠳᠡᠳ᠋ ᠭᠠᠵᠠᠷ ᠤᠨ ᠳᠡᠰ ᠦᠨ ᠬᠠᠷᠭᠠᠯᠵᠠᠯᠠᠯ ᠬᠦᠷᠳᠡᠭᠰᠡᠨ ᠨᠢ 22 ᠬᠦᠮᠦᠨ ᠂ ᠵᠢᠩᠬᠢᠨᠢ ᠭᠠᠵᠠᠷ ᠤᠨ ᠳᠡᠰ  ᠡᠴᠡ ᠳᠡᠭᠡᠭᠰᠢ ᠬᠠᠷᠭᠠᠯᠵᠠᠯᠠᠯ ᠬᠦᠷᠲᠡᠵᠦ ᠪᠠᠢᠭ᠎ᠠ ᠨᠢ 22 ᠬᠦᠮᠦᠨ ᠂ ᠡᠨᠡ ᠬᠤᠶᠠᠷ ᠤᠨ ᠬᠦᠮᠦᠨ ᠦ ᠳᠤᠭ᠎ᠠ ᠨᠢ ᠪᠦᠬᠦ ᠬᠦᠮᠦᠨ ᠦ ᠳᠤᠭᠠᠨ ᠤ 55%  ᠶᠢ ᠡᠵᠡᠯᠡᠨ᠎ᠠ ᠃

ᠦᠨᠳᠦᠰᠦᠨ ᠱᠠᠳᠤᠨ ᠤ ᠰᠠᠭᠤᠷᠢ ᠶᠢᠨ ᠪᠦᠲᠦᠬᠡᠨ ᠪᠠᠢᠭᠤᠯᠤᠯᠲᠠ ᠶᠢᠨ ᠳᠠᠯ᠎ᠠ ᠪᠠᠷ ᠂ ᠬᠠᠤᠯᠢ ᠴᠠᠭᠠᠵᠠ ᠶᠢᠨ ᠤᠷᠴᠢᠨ ᠲᠤᠭᠤᠷᠢᠨ ᠢ ᠰᠠᠢᠵᠢᠷᠠᠭᠤᠯᠬᠤ ᠪᠠᠷ ᠪᠠᠳᠤᠯᠭ᠎ᠠ ᠪᠤᠯᠭᠠᠨ ᠂  ᠡᠳ᠋ ᠪᠤᠳᠠᠰ ᠲᠦᠬᠦᠬᠡᠷᠦᠮᠵᠢ ᠶᠢ ᠰᠠᠢᠵᠢᠷᠠᠭᠤᠯᠬᠤ ᠪᠠᠷ ᠰᠠᠭᠤᠷᠢ ᠪᠤᠯᠭᠠᠵᠤ ᠂ ᠠᠵᠢᠯ ᠤᠨ ᠪᠠᠢᠭᠤᠯᠤᠮᠵᠢ ᠶᠢ ᠳᠡᠬᠦᠯᠳᠡᠷᠵᠢᠬᠦᠯᠬᠦ ᠪᠡᠷ ᠴᠢᠷᠮᠠᠢᠵᠤ ᠂ ᠦᠢᠯᠡᠴᠢᠯᠡᠬᠡᠨ ᠦ ᠴᠢᠳᠠᠮᠵᠢ ᠶᠢ ᠴᠢᠨᠭᠠᠳᠬᠠᠨ᠎ᠠ ᠃ ᠠᠷᠠᠳ ᠤᠨ ᠰᠢᠬᠦᠬᠦ ᠲᠢᠩᠬᠢᠮ ᠦᠨ ᠪᠦᠲᠦᠬᠡᠨ ᠪᠠᠢᠭᠤᠯᠤᠯᠲᠠ ᠶᠢ ᠴᠢᠩᠭᠠᠷᠠᠭᠤᠯᠤᠨ᠎ᠠ ᠃ 2006 ᠤᠨ ᠳᠤ ᠂ 300 ᠭᠠᠷᠤᠢ ᠲᠦᠮᠡ ᠶᠢᠨ ᠪᠡᠯᠡ ᠤᠷᠤᠭᠤᠯᠵᠤ (ᠡᠭᠦᠨ ᠦ ᠳᠤᠮᠳᠠ ᠤᠯᠤᠰ ᠤᠨ ᠵᠢᠬᠡᠯᠡᠯᠭᠡ ᠶᠢᠨ ᠮᠦᠩᠭᠦ 117 ᠲᠦᠮᠡᠨ ᠲᠦᠬᠦᠷᠢᠭ)᠂ ᠴᠢᠪᠠᠭᠠᠨᠴᠠ ᠶᠢᠨ ᠬᠤᠳᠳᠤᠭ ᠪᠠ ᠮᠸᠩ ᠰᠢ ᠪᠠᠯᠭᠠᠰᠤ ᠶᠢᠨ ᠦᠨᠳᠦᠰᠦᠨ ᠱᠠᠳᠤᠨ ᠤ ᠠᠷᠠᠳ ᠤᠨ ᠰᠢᠬᠦᠬᠦ ᠲᠢᠩᠬᠢᠮ ᠢ ᠪᠠᠢᠭᠤᠯᠵᠠᠢ ᠃ ᠡᠭᠦᠨ ᠦ ᠳᠤᠮᠳᠠ ᠂ ᠴᠢᠪᠠᠭᠠᠨᠴᠠ ᠶᠢᠨ ᠬᠤᠳᠳᠤᠭ ᠤᠨ ᠠᠷᠠᠳ ᠤᠨ ᠰᠢᠬᠦᠬᠦ ᠲᠢᠩᠬᠢᠮ ᠢ ᠨᠢᠬᠡᠳᠦᠬᠡᠷ ᠲᠦᠷᠦᠯ ᠦᠨ ᠰᠢᠬᠦᠬᠦ ᠲᠢᠩᠬᠢᠮ ᠢᠶᠡᠷ ᠪᠠᠢᠭᠤᠯᠵᠤ ᠂ ᠪᠠᠷᠢᠯᠭ᠎ᠠ ᠶᠢᠨ ᠳᠠᠯᠠᠪᠠᠢ 1800 ᠢᠯᠡᠭᠦᠦ ᠲᠡᠭᠰᠢ ᠲᠦᠷᠪᠡᠯᠵᠢᠨ ᠂ ᠶᠡᠷᠦᠩᠬᠡᠢ ᠪᠡᠯᠡ ᠤᠷᠤᠭᠤᠯᠤᠯᠲᠠ 220 ᠢᠯᠡᠭᠦᠦ ᠲᠦᠮᠡᠨ ᠲᠦᠬᠦᠷᠢᠭ ᠂ ᠪᠠᠢᠭᠤᠯᠤᠭᠰᠠᠨ ᠪᠠᠷᠢᠮᠵᠢᠶ᠎ᠠ ᠪᠠ ᠬᠡᠪᠴᠢᠶ᠎ᠠ ᠨᠢ ᠪᠦᠬᠦ ᠤᠷᠤᠨ ᠤ ᠦᠨᠳᠦᠰᠦᠨ ᠱᠠᠳᠤᠨ ᠤ ᠠᠷᠠᠳ ᠤᠨ ᠰᠢᠬᠦᠬᠦ ᠲᠢᠩᠬᠢᠮ ᠳᠦ ᠲᠡᠷᠢᠬᠦᠨ ᠡᠩᠨᠡᠭᠡᠨ ᠳᠦ ᠤᠷᠤᠳᠠᠭ ᠃ ᠮᠸᠩ ᠰᠢ ᠪᠠᠯᠭᠠᠰᠤ ᠶᠢᠨ ᠠᠷᠠᠳ ᠤᠨ ᠰᠢᠬᠦᠬᠦ ᠲᠢᠩᠬᠢᠮ ᠨᠢ ᠬᠤᠶᠠᠳᠤᠭᠠᠷ ᠲᠦᠷᠦᠯ ᠦᠨ ᠰᠢᠬᠦᠬᠦ ᠲᠢᠩᠬᠢᠮ ᠢᠶᠡᠷ ᠪᠠᠢᠭᠤᠯᠵᠤ ᠂ ᠪᠤᠳᠠᠳᠠᠢ ᠪᠠᠢᠭᠤᠯᠤᠭᠰᠠᠨ ᠬᠡᠪᠴᠢᠶ᠎ᠠ ᠨᠢ ᠪᠠᠷᠢᠯᠭ᠎ᠠ ᠶᠢᠨ ᠳᠠᠯᠠᠪᠠᠢ 700 ᠲᠡᠭᠰᠢ ᠲᠦᠷᠪᠡᠯᠵᠢᠨ ᠂ ᠶᠡᠷᠦᠩᠬᠡᠢ ᠪᠡᠯᠡ ᠤᠷᠤᠭᠤᠯᠤᠯᠲᠠ 80 ᠢᠯᠡᠬᠦᠦ ᠲᠦᠮᠡᠨ ᠲᠦᠬᠦᠷᠢᠭ ᠃ ᠰᠦᠯᠵᠢᠶᠠᠨ ᠤ ᠪᠠᠢᠭᠤᠯᠤᠯᠲᠠ ᠪᠠ ᠰᠤᠷᠠᠭ ᠵᠠᠩᠬᠢ ᠶᠢᠨ ᠪᠦᠲᠦᠬᠡᠨ ᠪᠠᠢᠭᠤᠯᠤᠯᠲᠠ ᠶᠢ ᠳᠠᠰᠤᠷᠤᠯᠲᠠ ᠦᠬᠡᠢ ᠴᠢᠩᠭᠠᠳᠬᠠᠵᠤ ᠪᠠᠢᠨ᠎ᠠ ᠃ 2003 ᠤᠨ ᠤ ᠵᠢᠯ ᠦᠨ ᠡᠴᠦᠰ᠂ ᠪᠦᠬᠦ ᠰᠢᠬᠦᠬᠦ ᠬᠤᠷᠢᠶ᠎ᠠ ᠵᠦᠪᠬᠡᠨ ᠬᠤᠶᠠᠷᠬᠠᠨ ᠺᠣᠮᠫᠢᠦ᠋ᠲ᠋ᠧᠷ ᠲᠠᠢ ᠪᠠᠢᠵᠤ ᠂ ᠤᠳᠤᠬᠠᠨ ᠳᠤ ᠪᠦᠬᠦ ᠰᠢᠬᠦᠬᠦ ᠬᠤᠷᠢᠶᠠᠨ ᠤ ᠵᠢᠩᠬᠢᠨᠢ ᠺᠠᠲᠠᠷ ᠴᠠᠭᠳᠠᠭ᠎ᠠ  ᠳᠤ ᠺᠣᠮᠫᠢᠦ᠋ᠲ᠋ᠧᠷ ᠲᠤᠬᠢᠷᠠᠭᠤᠯᠤᠭᠰᠠᠨ ᠨᠤᠷᠮ᠎ᠠ ᠨᠢ 100%  ᠳᠤ ᠬᠦᠷᠴᠠᠢ ᠃ ᠰᠦᠯᠵᠢᠶᠡᠨ ᠦ ᠪᠦᠲᠦᠬᠡᠨ ᠪᠠᠢᠭᠤᠯᠤᠯᠲᠠ ᠶᠢᠨ ᠳᠠᠯ᠎ᠠ ᠪᠠᠷ ᠂ ᠴᠢᠳᠠᠮᠵᠢ ᠨᠡᠢᠯᠢᠶᠡᠳ ᠪᠦᠷᠢᠮᠰᠦᠨ ᠳᠤᠳᠤᠭᠠᠳᠤ ᠬᠡᠰᠡᠭ ᠰᠦᠯᠵᠢᠶ᠎ᠠ ᠪᠠᠢᠭᠤᠯᠵᠤ ᠂ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠂ ᠦᠪᠡᠷᠲᠡᠭᠡᠨ ᠵᠠᠰᠠᠬᠤ ᠤᠷᠤᠨ ᠤ ᠳᠡᠬᠡᠳᠦ ᠰᠢᠬᠦᠬᠦ ᠬᠤᠷᠢᠶ᠎ᠠ ᠪᠠ ᠪᠦᠬᠦ ᠤᠯᠤᠰ ᠤᠨ ᠡᠯ᠎ᠠ ᠳᠡᠰ ᠦᠨ ᠰᠢᠬᠦᠬᠦ ᠬᠤᠷᠢᠶ᠎ᠠ ᠲᠠᠢ ᠰᠦᠯᠵᠢᠶ᠎ᠠ ᠨᠡᠢᠯᠡᠭᠰᠡᠨ ᠢ ᠪᠡᠶᠡᠯᠡᠬᠦᠯᠵᠦ ᠂ ᠸᠢᠳᠢᠣ᠋ ᠬᠤᠷᠠᠯᠳᠤᠭᠠᠨ  ᠤ ᠰᠢᠰᠲ᠋ᠧᠮ ᠢ ᠨᠡᠭᠡᠭᠡᠵᠦ ᠂ ᠰᠤᠷᠠᠭ ᠵᠠᠩᠬᠢ ᠶᠢᠨ ᠡᠬᠢ ᠪᠠᠶᠠᠯᠢᠭ ᠢ ᠬᠠᠮᠳᠤ ᠪᠠᠷ ᠡᠳᠡᠯᠡᠬᠦ ᠶᠢ ᠪᠡᠶᠡᠯᠡᠬᠦᠯᠵᠦ ᠂ ᠠᠯᠪᠠᠨ ᠭᠡᠷ ᠦᠨ ᠤᠳᠤᠬᠢᠴᠢᠯᠠᠯᠲᠠ ᠶᠢᠨ ᠬᠢᠷᠢ ᠲᠦᠪᠰᠢᠨ ᠢ ᠳᠡᠭᠡᠭᠰᠢᠯᠡᠬᠦᠯᠦᠭᠰᠡᠨ ᠪᠠᠢᠨ᠎ᠠ ᠃

ᠳᠠᠪᠠᠯᠭᠠᠨ ᠶᠡᠬᠡ ᠦᠶ᠎ᠡ ᠪᠤᠯ ᠶᠠᠭ ᠳᠠᠷᠪᠠᠭᠤᠯ ᠬᠡᠢᠰᠭᠡᠬᠦ ᠴᠠᠭ ᠮᠦᠨ ᠃ ᠬᠤᠵᠢᠮ ᠤᠨ ᠡᠳᠦᠷ ᠲᠦ ᠂ ᠤᠳᠤᠭ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠂ ᠡᠨᠡᠬᠦ ᠲᠦᠪ ᠭᠤᠤᠯᠴᠢ ᠡᠷᠬᠡ ᠳᠡᠭᠰᠢ ᠶᠢ ᠳᠡᠭᠡᠭᠡᠵᠦ ᠪᠠᠢᠭ᠎ᠠ ᠬᠦᠯᠭᠡ ᠤᠩᠭᠤᠴᠠ ᠂ ᠦᠷᠬᠦᠯᠵᠢᠯᠡᠨ 《ᠬᠠᠤᠯᠢ ᠴᠠᠭᠠᠵᠠ ᠡᠷᠬᠡ ᠲᠡᠭᠰᠢ ᠂ ᠨᠢᠭᠡᠨ ᠰᠡᠳᠬᠢᠯ ᠢᠶᠡᠷ ᠠᠷᠠᠳ ᠲᠤ》ᠭᠡᠰᠡᠨ ᠱᠤᠭᠤᠮ ᠢ ᠲᠠᠭᠠᠵᠤ ᠂ ᠢᠳᠡᠬᠡᠯ ᠲᠠᠢ ᠪᠠᠢᠵᠤ ᠂ ᠯᠠᠪᠳᠠᠭᠤᠨ ᠠᠵᠢᠯᠯᠠᠵᠤ ᠂ ᠰᠠᠯᠬᠢ ᠰᠦᠷᠢᠨ ᠳᠠᠪᠠᠯᠭᠠᠨ ᠢ ᠬᠡᠳᠦᠯᠵᠦ ᠂ ᠳᠠᠰᠤᠷᠤᠯᠲᠠ ᠦᠬᠡᠢ ᠤᠷᠤᠭᠰᠢᠯᠠᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )