ᠳᠠᠯᠠᠳ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠲᠦᠬᠦᠮ ᠲᠠᠨᠢᠴᠠᠭᠤᠯᠭ᠎ᠠ
2009.05.15 ᠲᠣᠰ ᠥᠷᠲᠡᠭᠡᠨ ᠦ ᠨᠠᠢᠷᠠᠭᠤᠯᠤᠭᠴᠢ

  ᠳᠠᠯᠠᠳ ᠬᠣᠰᠢᠭᠤᠨ ᠤ ᠠᠷᠠᠳ ᠤᠨ ᠰᠢᠬᠦᠬᠦ ᠬᠤᠷᠢᠶ᠎ᠠ 1950 ᠤᠨ ᠳᠤ ᠪᠠᠢᠭᠤᠯᠤᠭᠳᠠᠵᠤ ᠂ ᠤᠳᠤᠬᠠᠨ ᠳᠤ 14 ᠲᠢᠩᠬᠢᠮ ᠬᠡᠯᠳᠡᠰ ᠠᠩᠬᠢ ᠲᠤᠪᠴᠢᠶ᠎ᠠ ᠲᠠᠢ ᠪᠠᠢᠵᠤ ᠂ ᠬᠤᠶᠠᠷ ᠠᠷᠠᠳ ᠤᠨ ᠰᠢᠬᠦᠬᠦ ᠲᠢᠩᠬᠢᠮ ᠲᠤᠮᠢᠯᠠᠵᠤ ᠂ ᠰᠢᠭᠦᠭᠴᠢ ᠪᠤᠯᠤᠨ ᠪᠤᠰᠤᠳ ᠠᠵᠢᠯᠲᠠᠨ 94 ᠬᠦᠮᠦᠨ ᠪᠠᠢᠵᠤ ᠂ ᠵᠢᠯ ᠳᠦ 3000 ᠭᠠᠷᠤᠢ ᠬᠡᠷᠡᠭ ᠰᠢᠳᠳᠪᠦᠷᠢᠯᠡᠵᠦ ᠪᠠᠢᠨ᠎ᠠ ᠃

     ᠤᠢᠷ᠎ᠠ ᠶᠢᠨ ᠵᠢᠯ ᠳᠦ ᠂ ᠳᠠᠯᠠᠳ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠬᠤᠶᠠᠷ ᠤᠳᠠᠭᠠᠨ ᠤ ᠴᠡᠭᠴᠡᠯᠡᠯᠲᠡ᠂ ᠭᠤᠷᠪᠠ ᠤᠳᠠᠭᠠᠨ ᠤ ᠦᠬᠡᠷᠡᠴᠢᠯᠡᠲᠡ ᠂ ᠰᠢᠯᠢᠳᠡᠭ ᠳᠠᠪᠰᠢᠭᠰᠠᠨ ᠪᠤᠯᠬᠤ ᠂ ᠰᠠᠢᠨ ᠲᠦᠷᠢ ᠲᠦᠷᠬᠦ ᠪᠤᠢ ᠪᠤᠯᠭᠠᠵᠤ ᠂ ᠠᠷᠠᠳ ᠤᠨ ᠰᠠᠨᠠᠭᠠᠨ ᠳᠤ ᠨᠡᠢᠴᠡᠭᠰᠡᠨ ᠰᠠᠢᠨ ᠰᠢᠬᠦᠬᠦ ᠬᠤᠷᠢᠶ᠎ᠠ ᠪᠠᠢᠭᠤᠯᠵᠤ ᠂ ᠠᠷᠠᠳ ᠤᠨ ᠰᠠᠨᠭᠠᠨ ᠳᠤ ᠨᠡᠢᠴᠡᠭᠰᠡᠨ ᠰᠠᠢᠨ ᠰᠢᠭᠦᠭᠴᠢ ᠪᠤᠯᠬᠤ ᠪᠠᠷ ᠴᠢᠷᠮᠠᠢᠬᠤ ᠪᠠ《ᠨᠢᠬᠡ ᠵᠢᠭᠠᠨ ᠰᠤᠷᠭᠠᠯᠲᠠ ᠭᠤᠷᠪᠠᠨ ᠴᠡᠭᠴᠡᠯᠡᠲᠡ》ᠵᠡᠷᠭᠡ ᠬᠦᠳᠡᠯᠭᠡᠭᠡᠨ ᠪᠡᠷ ᠳᠠᠮᠵᠢᠵᠤ᠂ ᠵᠢᠯ ᠪᠦᠷᠢ ᠨᠢᠬᠡ ᠳᠡᠭᠲᠡᠷ ᠳᠠᠪᠰᠢᠵᠤ ᠂ ᠵᠢᠯ ᠪᠦᠷᠢ ᠶᠡᠬᠡ ᠠᠯᠬᠤᠮ ᠶᠠᠪᠤᠵᠤ ᠂ ᠰᠢᠬᠦᠬᠦ ᠬᠤᠷᠢᠶ᠎ᠠ ᠤᠤᠯ ᠳᠤ ᠪᠠᠢᠭᠰᠠᠨ ᠦᠬᠡᠢ ᠰᠠᠢᠨ ᠪᠠᠢᠳᠠᠯ ᠲᠠᠢ ᠪᠤᠯᠵᠠᠢ ᠄ ᠰᠢᠬᠦᠬᠦ ᠬᠤᠷᠢᠶᠠᠨ ᠤ ᠰᠤᠷᠳᠠᠯ ᠵᠢᠯ ᠡᠴᠡ ᠵᠢᠯ ᠰᠠᠢᠨ ᠪᠤᠯᠵᠤ ᠂ ᠰᠢᠬᠦᠨ ᠳᠠᠰᠤᠯᠤᠯᠲᠠ ᠶᠢᠨ ᠦᠷ᠎ᠠ ᠪᠦᠲᠦᠮᠵᠢ ᠪᠠ ᠴᠢᠨᠠᠷ ᠴᠢᠨᠰᠠᠭ᠎ᠠ ᠳᠠᠰᠤᠷᠤᠯᠲᠠ ᠦᠬᠡᠢ ᠳᠡᠭᠡᠭᠰᠢᠯᠡᠵᠦ ᠂ ᠬᠤᠶᠠᠷ ᠪᠤᠯᠪᠠᠰᠤᠨ ᠤ ᠪᠦᠲᠦᠭᠡᠨ ᠪᠠᠢᠭᠤᠯᠤᠯᠲᠠ ᠳᠤᠪᠤᠢᠮ᠎ᠠ ᠠᠮᠵᠢᠯᠲᠠ ᠤᠯᠵᠤ ᠂ ᠪᠤᠯᠪᠠᠰᠤᠨ ᠢᠶᠠᠷ ᠬᠠᠤᠯᠢ ᠪᠠᠷᠢᠵᠤ ᠂ ᠬᠠᠤᠯᠢ ᠴᠠᠭᠠᠵᠠ ᠶᠢᠨ ᠲᠦᠪ ᠭᠤᠤᠯᠴᠢ ᠶᠢᠨ ᠬᠢᠷᠢ ᠲᠦᠪᠰᠢᠨ ᠰᠢᠨ᠎ᠠ ᠨᠢᠬᠡ ᠳᠡᠭᠲᠡᠷ ᠲᠦ ᠬᠦᠷᠴᠦ ᠂ ᠪᠦᠬᠦ ᠤᠯᠤᠰ ᠤᠨ ᠰᠢᠬᠦᠬᠦ ᠬᠤᠷᠢᠶᠠᠨ ᠤ ᠰᠢᠰᠲ᠋ᠧᠮ ᠦᠨ ᠲᠡᠷᠢᠬᠦᠨ ᠡᠩᠨᠡᠭᠡᠨ ᠳᠦ ᠤᠷᠤᠪᠠ ᠃ ᠤᠢᠷ᠎ᠠ ᠶᠢᠨ ᠵᠢᠯ ᠳᠦ ᠂ ᠳᠠᠯᠠᠳ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠬᠤᠰᠢᠭᠤᠨ ᠤ ᠨᠠᠮ ᠤᠨ ᠬᠤᠷᠢᠶ᠎ᠠ ᠂ ᠵᠠᠰᠠᠭ ᠤᠨ ᠤᠷᠳᠤᠨ ᠠᠴᠠ 《ᠰᠢᠯᠢᠳᠡᠭ ᠤᠳᠤᠷᠢᠳᠬᠤ ᠪᠠᠭ》ᠪᠠ《ᠠᠵᠢᠯ ᠤᠨ ᠪᠤᠳᠠᠳᠠᠢ ᠪᠦᠲᠦᠮᠵᠢ ᠳᠤᠪᠤᠢᠮ᠎ᠠ》 ᠲᠡᠷᠢᠭᠦᠨ ᠱᠠᠩᠨᠠᠯ ᠢ ᠵᠠᠯᠭᠠᠭ᠎ᠠ ᠪᠠᠷ ᠬᠦᠷᠲᠡᠭᠰᠡᠨ ᠪᠠᠢᠨ᠎ᠠ ᠃ 1995 ᠤᠨ ᠳᠤ ᠂ ᠬᠠᠮᠤᠭ ᠳᠡᠭᠡᠳᠦ ᠠᠷᠠᠳ ᠤᠨ ᠰᠢᠬᠦᠬᠦ ᠬᠤᠷᠢᠶᠠᠨ  ᠠᠴᠠ《ᠪᠦᠬᠦ ᠤᠯᠤᠰ ᠤᠨ ᠰᠢᠬᠦᠬᠦ ᠬᠤᠷᠢᠶᠠᠨ ᠤ ᠺᠠᠲᠠᠷ ᠤᠨ ᠠᠵᠢᠯ ᠤᠨ ᠴᠢᠯᠦᠭᠡᠨ ᠦ ᠬᠠᠤᠯᠢ ᠶᠢᠨ ᠶᠡᠬᠡ ᠰᠤᠷᠭᠠᠭᠤᠯᠢ ᠶᠢᠨ ᠲᠡᠷᠢᠬᠦᠨ ᠤᠳᠤᠷᠢᠳᠬᠤ ᠪᠠᠭ》ᠨᠡᠷ᠎ᠠ ᠬᠦᠷᠳᠡᠭᠡᠭᠰᠡᠨ ᠪᠠᠢᠨ᠎ᠠ ᠃ 1999 ᠤᠨ ᠳᠤ ᠂ ᠦᠪᠡᠷᠲᠡᠭᠡᠨ ᠵᠠᠰᠠᠬᠤ ᠤᠷᠤᠨ ᠤ ᠳᠡᠬᠡᠳᠦ ᠵᠡᠷᠭᠡ ᠶᠢᠨ ᠰᠢᠬᠦᠬᠦ ᠬᠤᠷᠢᠶᠠᠨ ᠠᠴᠠ《ᠠᠷᠠᠳ ᠤᠨ ᠰᠠᠨᠠᠭᠠᠨ ᠳᠤ ᠨᠡᠢᠴᠡᠭᠰᠡᠨ ᠰᠠᠢᠨ ᠰᠢᠬᠦᠬᠦ ᠬᠤᠷᠢᠶ᠎ᠠ》ᠨᠡᠷ᠎ᠡ ᠬᠦᠷᠲᠡᠭᠡᠭᠰᠡᠨ ᠪᠠᠢᠵᠤ ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠂ ᠵᠠᠰᠠᠭ ᠤᠨ ᠤᠷᠳᠤᠨ ᠠᠴᠠ《ᠠᠷᠠᠳ ᠤᠨ ᠰᠠᠨᠠᠭᠠᠨ ᠳᠤ ᠨᠡᠢᠴᠡᠭᠰᠡᠨ ᠤᠯᠤᠰ ᠲᠦᠷᠦ ᠬᠠᠤᠯᠢ ᠴᠠᠭᠠᠵᠠ ᠶᠢᠨ ᠨᠢᠭᠡᠴᠡ》ᠨᠡᠷ᠎ᠠ ᠬᠦᠷᠲᠡᠭᠡᠵᠦ ᠂ ᠬᠠᠮᠤᠭ ᠳᠡᠭᠡᠳᠦ ᠳᠡᠰ ᠦᠨ ᠰᠢᠬᠦᠬᠦ ᠬᠤᠷᠢᠶᠠᠨ ᠠᠴᠠ ᠲᠡᠷᠢᠬᠦᠨ ᠳᠡᠰ ᠦᠨ ᠭᠠᠪᠢᠶ᠎ᠠ ᠳᠡᠮᠳᠡᠭᠯᠡᠪᠡ ᠃ 2000 ᠤᠨ ᠳᠤ ᠂ ᠠᠷᠠᠳ ᠤᠨ ᠳᠡᠭᠡᠳᠦ ᠰᠢᠬᠦᠬᠦ ᠬᠤᠷᠢᠶᠠᠨ ᠠᠴᠠ《ᠪᠦᠬᠦ ᠤᠯᠤᠰ ᠤᠨ ᠵᠠᠭᠤᠨ ᠠᠷᠠᠳ ᠤᠨ ᠰᠠᠨᠠᠨᠭᠠᠨ ᠳᠤ ᠨᠡᠢᠴᠡᠭᠰᠡᠨ ᠰᠠᠢᠨ ᠰᠢᠬᠦᠬᠦ ᠬᠤᠷᠢᠶ᠎ᠠ》ᠨᠡᠷ᠎ᠠ ᠬᠦᠷᠲᠡᠭᠡᠪᠡ ᠃ 2002 ᠤᠨ ᠳᠤ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠠᠴᠠ《ᠬᠤᠶᠠᠷ ᠬᠠᠨᠤᠮᠵᠢᠲᠠᠢ ᠪᠤᠯᠬᠤ ᠪᠠᠷ ᠴᠢᠷᠮᠠᠢᠭᠰᠠᠨ ᠵᠢᠱᠢᠶᠡᠴᠢ ᠴᠡᠷᠢᠭ ᠨᠢᠭᠡᠴᠡ》ᠨᠡᠷ᠎ᠠ ᠬᠦᠷᠳᠡᠭᠡᠵᠠᠢ ᠃ 2003 ᠤᠨ ᠳᠤ ᠂ ᠬᠤᠰᠢᠭᠤ ᠂ ᠬᠤᠳᠠ ᠪᠠ ᠦᠪᠡᠷᠲᠡᠭᠡᠨ ᠵᠠᠰᠠᠬᠤ ᠤᠷᠤᠨ ᠠᠴᠠ《ᠴᠢᠩᠭ᠎ᠠ ᠬᠠᠮᠢᠶᠠᠷᠠᠬᠤ ᠳᠡᠮᠡᠴᠡᠯ ᠦᠨ ᠲᠡᠷᠢᠬᠦᠨ ᠬᠠᠮᠳᠤ ᠨᠢᠭᠡᠴᠡ》ᠨᠡᠷ᠎ᠠ ᠬᠦᠷᠳᠡᠭᠡᠪᠡ ᠃ 2004 ᠤᠨ ᠳᠤ ᠥᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ  ᠠᠴᠠ《ᠪᠦᠬᠦ ᠤᠷᠤᠨ ᠤ ᠠᠷᠠᠳ ᠲᠦᠮᠡᠨ ᠦ ᠵᠢᠭᠠᠨ ᠵᠢᠯᠤᠭᠤᠳᠤᠨ ᠡᠶᠡᠳᠡᠭᠦᠯᠬᠦ ᠲᠡᠷᠢᠬᠦᠨ ᠦ ᠬᠠᠮᠳᠤ ᠨᠢᠭᠡᠴᠡ》  ᠶᠢᠨ ᠨᠡᠷ᠎ᠠ ᠪᠠᠷ ᠳᠠᠬᠢᠨᠳᠠ ᠬᠦᠷᠲᠡᠭᠡᠪᠡ ᠃ 2005 ᠤᠨ ᠳᠤ ᠂ ᠰᠢᠬᠦᠬᠦ ᠬᠤᠷᠢᠶᠠᠨ ᠤ ᠲᠠᠩᠰᠠ ᠡᠪᠬᠡᠮᠡᠯ ᠦᠨ ᠠᠵᠢᠯ ᠨᠢ ᠤᠷᠳᠤᠰ ᠬᠤᠳᠠ ᠶᠢᠨ ᠵᠠᠰᠠᠭ ᠤᠨ ᠤᠷᠳᠤᠨ ᠠᠴᠠ《ᠲᠠᠩᠰᠠ ᠡᠪᠬᠡᠮᠡᠯ ᠦᠨ ᠠᠵᠢᠯ ᠤᠨ ᠲᠡᠷᠢᠬᠦᠨ ᠦ ᠬᠠᠮᠳᠤ ᠨᠢᠬᠡᠴᠡ》ᠨᠡᠷ᠎ᠠ ᠬᠦᠷᠳᠡᠭᠡᠪᠡ ᠃ ᠳᠠᠯᠠᠳ ᠬᠤᠰᠢᠭᠤᠨ ᠤ ᠰᠢᠬᠦᠬᠦ ᠬᠤᠷᠢᠶ᠎ᠠ ᠨᠢ ᠪᠦᠯᠬᠦᠮᠳᠡᠯ ᠳᠠᠢ ᠂ ᠰᠢᠨ᠎ᠠ ᠶᠢ ᠡᠬᠦᠳᠬᠦ ᠰᠡᠳᠬᠢᠴᠡ ᠲᠠᠢ ᠤᠳᠤᠷᠢᠳᠬᠤ ᠪᠠᠭ ᠲᠠᠢ ᠂ ᠬᠡᠪ ᠴᠢᠨᠠᠷ ᠦᠨᠳᠦᠷ ᠂ ᠤᠪᠤᠷ ᠰᠤᠷᠳᠠᠯ ᠲᠡᠭᠰᠢ ᠂ ᠳᠤᠬᠠᠢᠯᠠᠭᠰᠠᠨ ᠠᠵᠢᠯ ᠳᠤ ᠪᠠᠨ ᠭᠠᠷᠮᠠᠭᠠᠢ ᠰᠢᠭᠦᠭᠴᠢ ᠶᠢᠨ ᠡᠩᠨᠡᠭᠡ ᠲᠠᠢ ᠂ ᠪᠠᠳᠤᠯᠭ᠎ᠠ ᠲᠠᠢ ᠂ ᠦᠢᠯᠡᠳᠦᠯᠭᠡᠵᠢᠭᠦᠯᠦᠯᠲᠡ ᠨᠢ ᠰᠢᠨᠵᠢᠯᠡᠬᠦ ᠤᠬᠠᠭᠠᠨᠴᠢ ᠬᠠᠮᠢᠶᠠᠷᠤᠯᠲᠠ ᠶᠢᠨ ᠪᠠᠢᠭᠤᠯᠤᠮᠵᠢ ᠲᠠᠢ ᠂ ᠳᠡᠭᠡᠷ᠎ᠡ ᠨᠢ ᠪᠠᠰᠠ ᠤᠷᠭᠢᠯᠤᠮ᠎ᠠ ᠬᠠᠯᠠᠭᠤᠨ ᠰᠡᠳᠬᠢᠯ ᠢᠶᠡᠷ ᠶᠡᠬᠡ ᠳᠠᠯ᠎ᠠ ᠳᠤ ᠦᠢᠯᠡᠴᠢᠯᠡᠬᠦ ᠂ ᠡᠪ ᠳᠤᠭᠳᠠᠭᠤᠨ ᠳᠤ ᠦᠢᠯᠡᠴᠢᠯᠡᠬᠦ ᠂ ᠠᠵᠦ ᠠᠬᠤᠢ ᠶᠢᠨ ᠬᠦᠭᠵᠢᠯᠲᠡ ᠳᠦ ᠪᠠᠳᠤᠯᠭ᠎ᠠ ᠪᠤᠯᠬᠤ ᠵᠤᠷᠢᠭ ᠰᠠᠨᠠᠭ᠎ᠠ ᠲᠠᠢ ᠪᠠᠢᠵᠤ ᠂ ᠯᠠᠪᠲᠠᠢ ᠬᠠᠤᠯᠢ ᠶᠢᠨ ᠦᠬᠡᠷᠡᠴᠢᠯᠡᠯᠲᠡ ᠶᠢ ᠶᠡᠬᠡ ᠬᠦᠴᠦᠨ ᠢᠶᠡᠷ ᠲᠦᠯᠬᠢᠨ ᠠᠬᠢᠭᠤᠯᠵᠤ ᠂ 《ᠲᠦᠪ ᠭᠤᠤᠯᠴᠢ ᠪᠠ ᠦᠷ᠎ᠠ ᠪᠦᠲᠦᠮᠵᠢ》ᠡᠨᠡᠬᠦ ᠰᠢᠬᠦᠬᠦ ᠬᠤᠷᠢᠶᠠᠨ ᠤ ᠠᠵᠢᠯ ᠤᠨ ᠭᠤᠤᠯ ᠰᠡᠳᠦᠪ ᠪᠠ ᠠᠯᠬᠤᠴᠠ ᠳᠤᠮᠳᠠ ᠴᠠᠭ ᠦᠶ᠎ᠠ ᠲᠠᠢ ᠬᠠᠮᠳᠤ ᠤᠷᠤᠭᠰᠢᠯᠠᠬᠤ ᠶᠢ ᠪᠡᠶᠡᠯᠡᠬᠦᠯᠵᠦ ᠂ ᠠᠷᠠᠳ ᠤᠨ ᠰᠢᠬᠦᠬᠦ ᠬᠤᠷᠢᠶᠠᠨ ᠤ ᠠᠵᠢᠯ ᠤᠨ ᠰᠢᠨ᠎ᠠ ᠨᠢᠬᠡ ᠬᠠᠭᠤᠳᠠᠰᠤ ᠶᠢ ᠵᠢᠷᠤᠭᠯᠠᠨ ᠪᠢᠴᠢᠵᠦ ᠂ ᠨᠠᠮ ᠢ ᠰᠠᠨᠠᠭ᠎ᠠ ᠠᠮᠤᠷ ᠪᠠᠢᠯᠭᠠᠵᠤ ᠂ ᠠᠷᠠᠳ ᠲᠦᠮᠡᠨ ᠦ ᠰᠠᠨᠨᠠᠭᠠᠨ ᠨᠡᠢᠴᠡᠬᠦ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )