ᠵᠦᠩᠭᠠᠷ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠲᠦᠭᠦᠮ ᠲᠠᠨᠢᠴᠠᠭᠤᠯᠭ᠎ᠠ
2009.05.15 ᠲᠣᠰ ᠥᠷᠲᠡᠭᠡᠨ ᠦ ᠨᠠᠢᠷᠠᠭᠤᠯᠤᠭᠴᠢ

ᠵᠦᠩᠭᠠᠷ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠪᠦᠬᠦ ᠤᠷᠤᠨ ᠤ ᠡᠳ᠋ ᠦᠨ ᠵᠠᠰᠠᠭ ᠤᠨ ᠤᠷᠤᠯᠭ᠎ᠠ  ᠶᠢᠨ ᠲᠡᠷᠢᠬᠦᠨ ᠨᠡᠷ᠎ᠡ ᠲᠠᠢ ᠤᠷᠳᠤᠰ ᠬᠤᠳᠠ ᠶᠢᠨ ᠵᠦᠩᠭᠠᠷ ᠬᠤᠰᠢᠭᠤᠨ ᠳᠤ ᠪᠠᠢᠷᠢᠯᠠᠵᠤ ᠪᠠᠢᠨ᠎ᠠ ᠃ ᠰᠢᠬᠦᠬᠦ ᠬᠤᠷᠢᠶ᠎ᠠ ᠳᠤᠭᠳᠠᠭᠠᠭᠰᠠᠨ ᠤᠷᠤᠨ ᠳᠤᠭ᠎ᠠ ᠨᠢ 84 ᠨᠡᠷᠡᠰ ᠂ ᠤᠳᠤᠬᠠᠨ ᠳᠤ ᠤᠷᠤᠨ ᠳᠤᠭᠠᠨ ᠳᠤ ᠪᠠᠢᠬᠤ ᠨᠢ 82 ᠨᠡᠷᠡᠰ ᠂ ᠬᠤᠶᠠᠷ ᠤᠷᠤᠨ ᠰᠤᠯᠠ ᠪᠠᠢᠵᠤ ᠂ᠡᠭᠦᠨ ᠦ ᠳᠤᠮᠳᠠ 9ᠨᠡᠷᠡᠰ ᠨᠢ 2003ᠤᠨ ᠤ ᠤᠯᠤᠰ ᠤᠨ ᠠᠯᠪᠠᠲᠠᠨ ᠤ ᠰᠢᠯᠭᠠᠯᠲᠠ ᠶᠢ ᠦᠩᠭᠡᠷᠡᠵᠦ ᠡᠯᠰᠡᠭᠳᠡᠭᠰᠡᠨ ᠪᠠᠢᠨ᠎ᠠ ᠃

   ᠺᠠᠲᠠᠷ ᠴᠠᠭᠳᠠᠭ᠎ᠠ ᠶᠢᠨ ᠦᠨᠳᠦᠰᠦᠨ ᠪᠠᠢᠳᠠᠯ ᠲᠤᠤᠷᠠᠬᠢ ᠮᠡᠳᠦ᠄ ᠡᠷᠡᠭᠲᠡᠢ 62ᠨᠡᠷᠡᠰ᠂ ᠡᠮᠡᠭᠲᠡᠢ 21 ᠨᠡᠷᠡᠰ ᠂ ᠰᠢᠬᠦᠬᠦ ᠬᠤᠷᠢᠶᠠᠨ ᠤ ᠪᠠᠢᠭᠤᠯᠭ᠎ᠠ ᠳᠤ 70 ᠨᠡᠷᠡᠰ ᠂ ᠦᠨᠳᠦᠰᠦᠨ ᠱᠠᠳᠤᠨ ᠤ ᠰᠢᠬᠦᠬᠦ ᠬᠤᠷᠢᠶ᠎ᠠ ᠳᠤ 12 ᠨᠡᠷᠡᠰ ᠂ ᠨᠠᠮ ᠤᠨ ᠬᠡᠰᠢᠬᠦᠨ 53 ᠨᠡᠷᠡᠰ ᠂ ᠨᠠᠮ ᠤᠨ ᠬᠡᠰᠢᠬᠦᠨ ᠪᠤᠰᠤ ᠨᠦᠬᠦᠷ 29 ᠨᠡᠷᠡᠰ ᠂ ᠴᠦᠭᠡᠨ ᠲᠤᠭᠠᠲᠤ ᠦᠨᠳᠦᠰᠦᠲᠡᠨ 16 ᠨᠡᠷᠡᠰ ᠂ ᠬᠢᠳᠠᠳ ᠦᠨᠳᠦᠰᠦᠲᠡᠨ 66 ᠨᠡᠷᠡᠰ ᠃ ᠰᠤᠷᠤᠯᠭ᠎ᠠ ᠶᠢᠨ ᠨᠠᠮᠲᠠᠷ ᠤᠨ ᠪᠠᠢᠳᠠᠯ ᠂ ᠰᠤᠳᠤᠯᠠᠬᠤ ᠰᠤᠷᠤᠭᠴᠢ 2ᠨᠡᠷᠡᠰ ᠂ ᠶᠡᠬᠡ ᠰᠤᠷᠭᠠᠭᠤᠯᠢ ᠶᠢᠨ ᠵᠢᠩᠬᠢᠨᠢ ᠠᠩᠬᠢ ᠶᠢᠨ 66ᠨᠡᠷᠡᠰ ᠂ ᠳᠡᠭᠡᠳᠦ ᠵᠡᠷᠭᠡ ᠶᠢᠨ ᠳᠤᠰᠬᠠᠢ ᠮᠡᠷᠬᠡᠵᠢᠯ ᠦᠨ ᠰᠤᠷᠭᠠᠭᠤᠯᠢ ᠶᠢᠨ 13 ᠨᠡᠷᠡᠰ ᠂ ᠦᠨᠳᠦᠷ ᠳᠤᠮᠳᠠᠳᠤ ᠠᠴᠠ ᠲᠤᠷᠤᠭᠰᠢ 2ᠨᠡᠷᠡᠰ᠃ ᠠᠵᠢᠯ ᠤᠨ ᠪᠠᠢᠷᠢ ᠶᠢᠨ ᠪᠠᠢᠳᠠᠯ ᠂ ᠬᠤᠷᠢᠶᠠᠨ ᠳᠠᠷᠤᠭ᠎ᠠ 1 ᠨᠡᠷᠡᠰ ᠂ ᠳᠡᠳ᠋ ᠬᠤᠷᠢᠶᠠᠨ ᠳᠠᠷᠤᠭ᠎ᠠ 4 ᠨᠡᠷᠡᠰ ᠂ ᠪᠠᠢᠴᠠᠭᠠᠨ ᠰᠤᠳᠤᠯᠤᠭᠴᠢ 1 ᠨᠡᠷᠡᠰ ᠂ ᠬᠠᠪᠰᠤᠷᠤᠭᠴᠢ ᠪᠠᠢᠴᠠᠭᠠᠨ ᠰᠤᠳᠤᠯᠤᠭᠴᠢ 1 ᠨᠡᠷᠡᠰ ᠂ ᠪᠦᠬᠦ ᠬᠤᠷᠢᠶᠠᠨ ᠤ ᠰᠢᠬᠦᠭᠴᠢ 54 ᠨᠡᠷᠡᠰ ᠂ ᠬᠠᠪᠰᠤᠷᠤᠭᠴᠢ ᠰᠢᠭᠦᠭᠴᠢ 6ᠨᠡᠷᠡᠰ ᠂ ᠳᠡᠮᠳᠡᠭᠯᠡᠭᠴᠢ 15 ᠨᠡᠷᠡᠰ ᠂ ᠬᠠᠤᠯᠢ ᠶᠢᠨ ᠴᠠᠭᠳᠠᠭ᠎ᠠ 7ᠨᠡᠷᠡᠰ ᠃

   20—30ᠨᠠᠰᠤᠨ ᠤ ᠬᠤᠭᠤᠷᠤᠨᠳᠤᠬᠢ ᠨᠢ ᠨᠡᠷᠡᠰ 11ᠨᠡᠷᠡᠰ ᠂ 30—40 ᠨᠠᠰᠤᠨ ᠤ ᠬᠤᠭᠤᠷᠤᠨᠳᠤᠬᠢ ᠨᠢ ᠨᠡᠢᠲᠡ 30ᠨᠡᠷᠡᠰ ᠂ 40—50 ᠨᠠᠰᠤᠨ ᠤ ᠬᠤᠭᠤᠷᠤᠨᠳᠤᠬᠢ ᠨᠢ ᠨᠡᠢᠲᠡ 31 ᠨᠡᠷᠡᠰ ᠂ 50ᠨᠠᠰᠤᠨ ᠠᠴᠠ ᠳᠡᠭᠡᠭᠰᠢᠬᠢ ᠨᠢ ᠨᠡᠢᠲᠡ10 ᠨᠡᠷᠡᠰ ᠪᠠᠢᠨ᠎ᠠ ᠃

   ᠤᠳᠤᠷᠢᠳᠤᠯᠭ᠎ᠠ ᠶᠢᠨ ᠦᠨᠳᠦᠰᠦᠨ ᠪᠠᠢᠳᠠᠯ᠄

   ᠬᠤᠷᠢᠶᠠᠨ ᠳᠠᠷᠤᠭ᠎ᠠ᠄ ᠯᠢᠥ ᠬᠠᠢ ᠹᠸᠩ᠂ ᠡᠷᠡᠭᠲᠡᠢ ᠂ ᠬᠢᠳᠠᠳ ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠬᠦᠨ ᠂ ᠳᠡᠳ᠋ ᠭᠠᠵᠠᠷ ᠤᠨ ᠳᠡᠰ ᠦᠨ ᠲᠠᠷᠤᠭ᠎ᠠ ᠂ ᠶᠡᠬᠡ ᠰᠤᠷᠭᠠᠭᠤᠯᠢ  ᠶᠢᠨ ᠰᠤᠷᠤᠯᠭ᠎ᠠ ᠶᠢᠨ ᠨᠠᠮᠲᠠᠷ ᠲᠠᠢ ᠃

   ᠪᠠᠢᠴᠠᠭᠠᠨ ᠰᠤᠳᠤᠯᠤᠭᠴᠢ᠄ ᠵᠠᠭᠤᠨᠨᠠᠰᠤᠲᠤ᠂ ᠡᠷᠡᠭᠲᠡᠢ ᠂ ᠮᠤᠩᠭᠤᠯ ᠦᠨᠳᠦᠰᠦᠳᠡᠨ ᠂ ᠭᠠᠵᠠᠷ ᠤᠨ ᠳᠡᠰ ᠦᠨ ᠳᠠᠷᠤᠭ᠎ᠠ ᠂ᠰᠤᠳᠤᠯᠠᠬᠤ ᠰᠤᠷᠤᠭᠴᠢ  ᠶᠢᠨ ᠰᠤᠷᠤᠯᠭ᠎ᠠ ᠶᠢᠨ ᠨᠠᠮᠳᠠᠷ ᠲᠠᠢ ᠃

    ᠬᠠᠪᠰᠤᠷᠤᠭᠴᠢ ᠪᠠᠢᠴᠠᠭᠠᠨ ᠰᠤᠳᠤᠯᠤᠭᠴᠢ ᠄ ᠺᠠᠩ ᠭᠤᠸᠠᠩ ᠱᠸᠩ ᠂ ᠡᠷᠡᠭᠲᠡᠢ ᠂ ᠬᠢᠳᠠᠳ ᠦᠨᠳᠦᠰᠦᠲᠡᠨ ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠭᠦᠨ ᠂ ᠳᠡᠳ᠋ ᠭᠠᠵᠠᠷ ᠤᠨ ᠳᠡᠰ ᠦᠨ ᠳᠠᠷᠤᠭ᠎ᠠ ᠂ ᠶᠡᠬᠡ ᠰᠤᠷᠭᠠᠭᠤᠯᠢ ᠶᠢᠨ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠲᠠᠷ ᠲᠠᠢ ᠃

    ᠳᠡᠳ᠋ ᠬᠤᠷᠢᠶᠠᠨ ᠳᠠᠷᠤᠭ᠎ᠠ ᠄ ᠱᠢ ᠹᠸᠩ ᠴᠢ ᠂ ᠡᠷᠡᠭᠲᠡᠢ ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠭᠦᠨ᠂ ᠵᠢᠩᠬᠢᠨᠢ ᠰᠠᠯᠠᠭᠠᠨ ᠤ ᠳᠡᠰ ᠦᠨ ᠳᠠᠷᠤᠭ᠎ᠠ ᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠦᠨ ᠰᠤᠷᠤᠯᠭ᠎ᠠ ᠶᠢᠨ ᠨᠠᠮᠲᠠᠷ ᠲᠠᠢ ᠃

    ᠳᠡᠳ᠋ ᠬᠤᠷᠢᠶᠠᠨ ᠳᠠᠷᠤᠭ᠎ᠠ ᠄ ᠳ᠋ᠦ᠋ ᠪᠤᠤ ᠯᠢᠶᠠᠩ ᠂ ᠡᠷᠡᠭᠲᠡᠢ ᠂ ᠬᠢᠳᠠᠳ ᠦᠨᠳᠦᠰᠦᠲᠡᠨ ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠭᠦᠨ᠂ ᠵᠢᠩᠬᠢᠨᠢ ᠰᠠᠯᠠᠭᠠᠨ ᠤ ᠳᠡᠰ ᠦᠨ ᠳᠠᠷᠤᠭ᠎ᠠ ᠂ ᠶᠡᠬᠡ ᠰᠤᠷᠭᠠᠭᠤᠯᠢ ᠶᠢᠨ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠲᠠᠷ ᠲᠠᠢ ᠃

    ᠳᠡᠳ᠋ ᠬᠤᠷᠢᠶᠠᠨ ᠳᠠᠷᠤᠭ᠎ᠠ ᠄ ᠪᠠᠢ ᠳ᠋ᠧ ᠱᠸᠩ ᠂ ᠡᠷᠡᠭᠲᠡᠢ ᠂ ᠬᠢᠳᠠᠳ ᠦᠨᠳᠦᠰᠦᠲᠡᠨ ᠂ ᠤᠯᠤᠰ ᠲᠦᠷᠦ ᠶᠢᠨ ᠵᠦᠪᠯᠡᠭᠡᠨ ᠦ ᠬᠡᠰᠢᠬᠦᠨ ᠂ ᠳᠡᠳ᠋ ᠰᠠᠯᠠᠭᠠᠨ ᠤ ᠳᠡᠰ ᠦᠨ ᠳᠠᠷᠤᠭ᠎ᠠ ᠂ ᠶᠡᠬᠡ ᠰᠤᠷᠭᠠᠭᠤᠯᠢ ᠶᠢᠨ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠲᠠᠷ ᠲᠠᠢ ᠂ ᠤᠳᠤᠬᠠᠨ ᠳᠤ ᠠᠵᠢᠯ ᠤᠨ ᠪᠠᠢᠷᠢ ᠳᠡᠭᠡᠷᠢᠬᠢ ᠠᠰᠫᠢᠷᠠᠨᠲ ᠤᠨ ᠬᠢᠴᠢᠶᠡᠯ ᠤᠷᠤᠵᠤ ᠪᠠᠢᠨ᠎ᠠ ᠃

ᠳᠡᠳ᠋ ᠬᠤᠷᠢᠶᠠᠨ ᠳᠠᠷᠤᠭ᠎ᠠ ᠄ ᠵᠠᠩ ᠶᠢᠨ ᠯᠢᠶᠠᠩ ᠂ ᠡᠷᠡᠭᠲᠡᠢ ᠂ ᠬᠢᠳᠠᠳ ᠦᠨᠳᠦᠰᠦᠲᠡᠨ ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠬᠦᠨ ᠂ ᠵᠢᠩᠬᠢᠨᠢ ᠰᠠᠯᠠᠭᠠᠨ ᠤ ᠳᠡᠰ ᠦᠨ ᠳᠠᠷᠤᠭ᠎ᠠ ᠂ ᠰᠤᠳᠤᠯᠠᠬᠤ ᠰᠤᠷᠤᠭᠴᠢ ᠶᠢᠨ ᠰᠤᠷᠤᠯᠭ᠎ᠠ ᠶᠢᠨ ᠨᠠᠮᠲᠠᠷ ᠲᠠᠢ ᠃

ᠥᠢᠷ᠎ᠠ ᠶᠢᠨ ᠵᠢᠯ ᠳᠦ ᠂ ᠭᠠᠵᠠᠷ ᠤᠨ ᠪᠠᠢᠷᠢᠰᠢᠯ ᠨᠢ ᠪᠦᠬᠦ ᠤᠷᠤᠨ ᠤ ᠠᠵᠤ ᠠᠬᠤᠢ ᠭᠤᠷᠪᠠᠯᠵᠢᠨ ᠤᠷᠤᠨ ᠤ ᠭᠤᠤᠯ ᠬᠡᠰᠡᠭ ᠪᠠᠢᠬᠤ ᠤᠴᠢᠷ  ᠠᠴᠠ ᠨᠡᠢᠭᠡᠮ ᠂ ᠠᠵᠤ ᠠᠬᠤᠢ ᠶᠢᠨ ᠡᠯ᠎ᠠ ᠲᠠᠯ᠎ᠠ ᠪᠠᠷ ᠮᠠᠰᠢ ᠲᠦᠷᠭᠡᠨ ᠬᠦᠭᠵᠢᠵᠦ ᠂ ᠡᠯ᠎ᠠ ᠲᠠᠯ᠎ᠠ ᠶᠢᠨ ᠨᠡᠢᠭᠡᠮ ᠦᠨ ᠵᠦᠷᠢᠴᠢᠯ ᠪᠠᠰᠠ ᠳᠠᠭᠠᠯᠳᠤᠨ ᠨᠡᠮᠡᠭᠳᠡᠵᠦ ᠂ ᠡᠯ᠎ᠠ ᠲᠦᠷᠦᠯ ᠦᠨ ᠬᠠᠤᠯᠢ ᠵᠦᠷᠢᠴᠡᠭᠰᠡᠨ ᠬᠡᠷᠡᠭ ᠨᠠᠷᠢᠨ ᠪᠤᠳᠤᠯᠢᠶᠠᠨᠲᠠᠢ ᠪᠤᠯᠵᠤ ᠂ ᠡᠳᠡᠭᠡᠷ ᠨᠢ ᠵᠦᠩᠭᠠᠷ ᠬᠤᠰᠢᠭᠤᠨ ᠤ ᠰᠢᠬᠦᠬᠦ ᠬᠤᠷᠢᠶ᠎ᠠ ᠨᠢ ᠪᠦᠬᠦ ᠤᠷᠤᠨ ᠤ ᠲᠡᠷᠢᠬᠦᠨ ᠬᠤᠰᠢᠭᠤ ᠪᠠᠢᠬᠤ ᠶᠢ ᠪᠠᠲᠤᠯᠠᠵᠤ ᠳᠡᠢᠯᠬᠦ ᠡᠰᠡᠬᠦ ᠶᠢ ᠪᠠᠷᠢᠮᠵᠢᠶ᠎ᠠ ᠪᠤᠯᠵᠤ ᠂ ᠪᠦᠬᠦ ᠤᠷᠤᠨ ᠤ ᠲᠡᠷᠢᠬᠦᠨ  ᠬᠤᠰᠢᠭᠤ ᠶᠢ ᠠᠬᠢᠭᠤᠯᠬᠤ ᠲᠡᠤᠬᠡᠨ ᠡᠭᠦᠷᠭᠡ ᠶᠢ ᠡᠭᠦᠷᠭᠡᠯᠡᠵᠦ ᠪᠠᠢᠨ᠎ᠠ ᠃ 2004 ᠤᠨ ᠠᠴᠠ ᠨᠠᠰᠢ ᠂ᠵᠦᠩᠭᠠᠷ ᠬᠤᠰᠢᠭᠤᠨ ᠤ ᠰᠢᠨ᠎ᠠ ᠨᠢᠭᠡ ᠬᠤᠭᠤᠴᠠᠭᠠᠨ ᠤ ᠤᠳᠤᠷᠢᠳᠬᠤ ᠪᠠᠭ ᠨᠢ 《ᠲᠦᠪ ᠭᠤᠤᠯᠴᠢ ᠪᠠ ᠦᠷ᠎ᠠ ᠪᠦᠲᠦᠮᠵᠢ》 ᠬᠡᠬᠦ ᠭᠤᠤᠯ ᠰᠡᠳᠦᠪ ᠢ ᠴᠢᠬᠤᠯᠴᠢᠯᠠᠵᠤ ᠂ 《ᠤᠯᠤᠰ ᠲᠦᠷᠦ ᠪᠡᠷ ᠬᠤᠷᠢᠶ᠎ᠠ ᠪᠠᠢᠭᠤᠯᠬᠤ ᠂ ᠴᠢᠳᠠᠪᠤᠷᠢᠳᠠᠨ ᠨᠢ ᠰᠢᠬᠦᠬᠦ ᠬᠤᠷᠢᠶ᠎ᠠ ᠶᠢ ᠬᠦᠭᠵᠢᠬᠦᠯᠬᠦ ᠂ ᠰᠢᠨᠵᠢᠯᠡᠬᠦ ᠮᠡᠷᠭᠡᠵᠢᠯ ᠦᠨ ᠬᠦᠴᠦᠷᠭᠡᠭ ᠰᠢᠬᠦᠬᠦ ᠬᠤᠷᠢᠶ᠎ᠠ ᠂ ᠬᠢᠨᠠᠨ ᠬᠠᠮᠢᠶᠠᠷᠤᠯᠲᠠ ᠪᠠᠷ ᠰᠢᠬᠦᠬᠦ ᠬᠤᠷᠢᠶ᠎ᠠ ᠶᠢ ᠵᠠᠰᠠᠬᠤ ᠂ ᠲᠦᠷᠢ ᠲᠦᠷᠬᠦ ᠪᠡᠷ ᠰᠢᠬᠦᠬᠦ ᠬᠤᠷᠢᠶ᠎ᠠ ᠪᠠᠨ ᠴᠢᠮᠡᠭᠯᠡᠬᠦ》 ᠱᠠᠭᠷᠳᠠᠯᠭ᠎ᠠ  ᠳᠤ ᠲᠦᠪᠯᠡᠷᠡᠵᠦ ᠂ 《ᠲᠡᠷᠢᠭᠦᠨ ᠪᠤᠯᠵᠤ ᠂ᠤᠬᠢ ᠳᠡᠰ ᠢ ᠡᠭᠦᠳᠬᠦ》 ᠪᠡᠷ ᠬᠠᠷᠠᠯᠲᠠ ᠪᠤᠯᠭᠠᠵᠤ ᠂ 2005 ᠤᠨ ᠢ 《ᠰᠢᠬᠦᠨ ᠳᠠᠰᠤᠯᠤᠯᠲᠠ ᠶᠢᠨ ᠴᠢᠨᠠᠷ ᠴᠢᠨᠰᠠᠭ᠎ᠠ ᠶᠢᠨ ᠵᠢᠯ》  《ᠬᠦᠢᠴᠡᠳᠬᠡᠬᠦ ᠦᠷ᠎ᠠ ᠪᠦᠲᠦᠮᠵᠢ ᠶᠢᠨ ᠵᠢᠯ》《ᠬᠠᠤᠯᠢ ᠪᠠᠷ ᠵᠠᠰᠠᠬᠤ ᠤᠷᠴᠢᠨ ᠲᠤᠭᠤᠷᠢᠨ ᠢ ᠰᠠᠢᠵᠢᠷᠠᠭᠤᠯᠬᠤ ᠵᠢᠯ》《ᠬᠠᠤᠯᠢ ᠴᠠᠭᠠᠵᠠ ᠶᠢᠨ ᠦᠢᠯᠡᠴᠢᠯᠡᠭᠡᠨ ᠦ ᠵᠢᠯ》 ᠢᠶᠡᠷ ᠲᠤᠭᠳᠠᠭᠠᠨ᠎ᠠ ᠃ 《ᠭᠤᠷᠪᠠ ᠶᠢ ᠲᠦᠯᠦᠭᠡᠯᠡᠬᠦ》ᠴᠢᠬᠤᠯᠠ ᠦᠵᠡᠯ ᠰᠠᠨᠠᠭ᠎ᠠ ᠶᠢ ᠬᠢᠨᠠᠮᠠᠭᠠᠢ ᠦᠢᠯᠡᠳᠦᠯᠭᠡᠵᠢᠬᠦᠯᠵᠦ ᠂ ᠤᠯᠤᠰ ᠲᠦᠷᠦ ᠶᠢᠨ ᠪᠠᠢᠯᠳᠤᠬᠤ ᠪᠤᠳᠤᠯᠭ᠎ᠠ᠂ ᠤᠷᠳᠤ ᠤᠳᠠᠭᠠᠨ ᠬᠦᠭᠵᠢᠯᠲᠡ ᠶᠢᠨ ᠵᠤᠭᠰᠤᠴᠠ ᠠᠴᠠ ᠴᠠᠭ ᠢ ᠦᠵᠡᠨ ᠪᠠᠢᠳᠠᠯ ᠢ ᠰᠢᠨᠵᠢᠵᠦ ᠂ ᠦᠪᠡᠷ ᠢ ᠪᠡᠨ ᠲᠤᠭᠢᠷᠠᠭᠤᠯᠵᠤ ᠂ ᠤᠷᠢᠳᠴᠢᠯᠠᠨ ᠪᠠᠢᠭᠤᠯᠵᠤ ᠂ ᠰᠢᠨ᠎ᠠ ᠶᠢ ᠡᠭᠦᠳᠦᠨ ᠂ ᠴᠠᠭ ᠦᠶ᠎ᠠ ᠲᠠᠢ ᠬᠠᠮᠳᠤ ᠤᠷᠤᠭᠰᠢᠯᠠᠨ᠎ᠠ ᠃ ᠡᠶ᠎ᠡ ᠵᠤᠬᠢᠴᠢᠯᠲᠤ ᠵᠦᠩᠭᠠᠷ ᠬᠤᠰᠢᠭᠤ ᠶᠢ ᠪᠦᠲᠦᠬᠡᠨ ᠪᠠᠢᠭᠤᠯᠬᠤ ᠳᠤ ᠰᠢᠯᠢᠳᠡᠭ ᠬᠦᠭᠵᠢᠯᠲᠡ ᠶᠢᠨ ᠤᠷᠴᠢᠨ ᠲᠤᠭᠤᠷᠢᠨ ᠪᠠ ᠬᠦᠭᠵᠢᠯᠲᠡ ᠶᠢᠨ ᠤᠷᠤᠨ ᠵᠠᠢ ᠪᠤᠢ ᠪᠤᠯᠭᠠᠵᠤ ᠦᠭᠭᠦᠨ᠎ᠠ ᠃

2004 ᠤᠨ ᠤ ᠠᠵᠢᠯ ᠳᠤᠮᠳᠠ ᠂ ᠵᠦᠩᠭᠠᠷ ᠬᠤᠰᠢᠭᠤᠨ ᠤ ᠰᠢᠬᠦᠬᠦ ᠬᠤᠷᠢᠶ᠎ᠠ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠬᠠᠷᠠᠯᠲᠠ ᠶᠢᠨ ᠬᠠᠷᠢᠭᠤᠴᠠᠯᠭ᠎ᠠ ᠶᠢᠨ ᠰᠢᠯᠭᠠᠨ ᠪᠠᠢᠴᠠᠭᠠᠯᠲᠠ ᠳᠤ ᠲᠡᠷᠢᠬᠦᠨ ᠱᠠᠩᠨᠠᠯ ᠢ ᠬᠦᠷᠲᠡᠵᠦ ᠂ ᠠᠵᠢᠯ ᠤᠨ ᠪᠦᠲᠦᠮᠵᠢ ᠳᠤᠪᠤᠢᠮ᠎ᠠ ᠱᠠᠩᠨᠠᠯ ᠂ ᠤᠶᠤᠨ ᠰᠠᠨᠠᠨᠭᠠᠨ ᠤ ᠪᠤᠯᠪᠠᠰᠤᠨ ᠤ ᠠᠵᠢᠯ ᠲᠣᠪᠤᠢᠮ᠎ᠠ ᠱᠠᠩᠨᠠᠯ ᠂ ᠠᠵᠢᠯ ᠤᠨ ᠰᠢᠨ᠎ᠠ ᠶᠢ ᠡᠭᠦᠳᠬᠦ ᠱᠠᠩᠨᠠᠯ ᠂ ᠨᠡᠢᠭᠡᠮ ᠦᠨ ᠠᠮᠤᠷ ᠲᠦᠪᠰᠢᠨ ᠢ ᠶᠡᠷᠦᠩᠬᠡᠢᠯᠡᠨ ᠬᠠᠮᠢᠶᠠᠷᠤᠯᠲᠠ ᠶᠢᠨ ᠲᠡᠷᠢᠬᠦᠨ ᠱᠠᠩᠨᠠᠯ ᠂ ᠬᠠᠤᠯᠢ ᠶᠢ ᠲᠦᠬᠡᠮᠵᠢᠯᠡᠵᠦ ᠬᠠᠤᠯᠢ ᠶᠤᠰᠤᠭᠠᠷ ᠬᠠᠮᠢᠶᠠᠷᠤᠨ ᠵᠠᠰᠠᠬᠤ ᠳᠠᠪᠰᠢᠭᠰᠠᠨ ᠱᠠᠩᠨᠠᠯ ᠢ ᠬᠦᠷᠲᠡᠵᠦ ᠂ ᠡᠪ ᠬᠠᠮᠳᠤ ᠨᠠᠮ ᠤᠨ ᠬᠡᠰᠢᠬᠦᠨ ᠦ ᠲᠡᠷᠢᠬᠦᠨ ᠦ ᠴᠢᠨᠠᠷ ᠢ ᠪᠠᠷᠢᠮᠳᠠᠯᠠᠬᠤ ᠰᠤᠷᠭᠠᠨ ᠬᠦᠮᠦᠵᠢᠯ ᠦᠨ ᠠᠵᠢᠯᠯᠠᠭᠠᠨ ᠳᠤᠮᠳᠠ ᠂ ᠨᠡᠢᠳᠡᠯᠢᠭ ᠵᠢᠱᠢᠶ᠎ᠠ ᠦᠵᠡᠬᠦᠯᠬᠦ ᠨᠢᠭᠡᠴᠡ ᠪᠡᠷ ᠦᠨᠡᠯᠡᠭᠳᠡᠵᠦ ᠂ ᠡᠭᠦᠨ ᠦ ᠬᠠᠮᠳᠤ ᠬᠤᠳᠠ ᠬᠤᠰᠢᠭᠤᠨ ᠤ ᠬᠤᠶᠠᠷ ᠳᠡᠰ ᠦᠨ ᠲᠠᠪᠰᠢᠭᠰᠠᠨ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠢᠭᠤᠯᠤᠯᠲᠠ ᠶᠢᠨ ᠨᠢᠭᠡᠴᠡ ᠪᠡᠷ ᠦᠨᠡᠯᠡᠭᠳᠡᠵᠡᠢ ᠃ ᠪᠠᠰᠠᠴᠤ ᠪᠦᠬᠦ ᠤᠷᠤᠨ ᠤ ᠬᠠᠮᠤᠭ ᠡᠷᠲᠡ ᠬᠡᠷᠡᠭ ᠦᠨ ᠵᠠᠷᠤᠳᠠᠯ ᠢ ᠦᠭᠡᠢᠰᠭᠡᠭᠰᠡᠨ ᠰᠢᠬᠦᠬᠦ ᠬᠤᠷᠢᠶ᠎ᠠ ᠪᠤᠯᠤᠨ᠎ᠠ ᠃

2005 ᠤᠨ ᠤ ᠠᠵᠢᠯ ᠳᠤᠮᠳᠠ ᠂ ᠵᠦᠩᠭᠠᠷ ᠬᠤᠰᠢᠭᠤ ᠶᠢᠨ ᠰᠢᠬᠦᠬᠦ ᠬᠤᠷᠢᠶ᠎ᠠ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠬᠠᠷᠠᠯᠲᠠ ᠶᠢᠨ ᠬᠠᠷᠢᠭᠤᠴᠠᠯᠭ᠎ᠠ ᠶᠢᠨ ᠰᠢᠯᠭᠠᠨ ᠪᠠᠢᠴᠠᠭᠠᠯᠲᠠ ᠳᠤ ᠲᠡᠷᠢᠬᠦᠨ ᠱᠠᠩᠨᠠᠯ ᠢ ᠲᠠᠬᠢᠨᠲᠠ ᠬᠦᠷᠲᠡᠵᠦ ᠂ ᠡᠭᠦᠨ ᠦ ᠬᠠᠮᠳᠤ ᠪᠦᠬᠦ ᠬᠤᠳᠠ ᠶᠢᠨ ᠰᠢᠬᠦᠬᠦ ᠬᠤᠷᠢᠶᠠᠨ ᠤ ᠰᠢᠰᠲ᠋ᠧᠮ  ᠤᠨ ᠰᠤᠷᠠᠭ ᠵᠠᠩᠬᠢ ᠶᠢ ᠤᠬᠠᠭᠤᠯᠬᠤ ᠨᠢᠭᠡᠳᠦᠬᠡᠷ ᠳᠡᠰ ᠦᠨ ᠱᠠᠩᠨᠠᠯ ᠢ ᠬᠦᠷᠲᠡᠵᠦ ᠂ ᠬᠤᠰᠢᠭᠤᠨ ᠤ ᠨᠠᠮ ᠤᠨ ᠬᠤᠷᠢᠶᠠᠨ ᠤ ᠬᠠᠷᠠᠯᠲᠠ ᠶᠢᠨ ᠰᠢᠯᠭᠠᠨ ᠪᠠᠢᠴᠠᠭᠠᠯᠲᠠ  ᠳᠤ 《ᠲᠦᠷᠪᠡ ᠳᠠᠪᠤ》ᠬᠠᠤᠯᠢ ᠲᠦᠬᠡᠮᠵᠢᠯᠡᠬᠦ ᠠᠵᠢᠯ ᠤᠨ ᠳᠠᠪᠰᠢᠭᠰᠠᠨ ᠨᠢᠬᠡᠴᠡ ᠶᠢᠨ ᠱᠠᠩᠨᠠᠯ ᠢ ᠲᠠᠬᠢᠨᠲᠠ ᠬᠦᠷᠲᠡᠵᠦ᠂ ᠶᠡᠷᠦᠩᠬᠡᠢᠯᠡᠨ ᠵᠠᠰᠠᠬᠤ ᠠᠵᠢᠯ ᠤᠨ ᠨᠢᠬᠡᠳᠦᠬᠡᠷ ᠳᠡᠰ ᠦᠨ ᠱᠠᠩᠨᠠᠯ ᠂ ᠶᠠᠳᠠᠭᠤ ᠶᠢ ᠳᠡᠳᠬᠦᠬᠦ ᠠᠵᠢᠯ ᠤᠨ ᠳᠠᠪᠰᠢᠭᠰᠠᠨ ᠨᠢᠭᠡᠴᠡ ᠶᠢᠨ ᠱᠠᠩᠨᠠᠯ ᠂ ᠪᠦᠬᠦ ᠬᠤᠰᠢᠭᠤᠨ ᠤ ᠲᠦᠯᠦᠪᠯᠡᠭᠡᠲᠦ ᠦᠷᠡᠵᠢᠯ  ᠦᠨ ᠠᠵᠢᠯ ᠤᠨ ᠭᠤᠷᠪᠠᠳᠤᠭᠠᠷ ᠳᠡᠰ ᠦᠨ ᠱᠠᠩᠨᠠᠯ ᠵᠡᠷᠬᠡ ᠡᠯ᠎ᠠ ᠲᠦᠷᠦᠯ ᠦᠨ ᠱᠠᠩᠨᠠᠯ ᠢ ᠬᠦᠷᠲᠡᠪᠡ ᠃

ᠨᠠᠮ ᠤᠨ ᠪᠦᠳᠦᠭᠡᠨ ᠪᠠᠢᠭᠤᠯᠤᠯᠲᠠ ᠶᠢ ᠠᠳᠬᠤᠵᠤ ᠲᠦᠪ ᠭᠤᠤᠯᠴᠢ ᠶᠢ ᠠᠬᠢᠭᠤᠯᠵᠤ ᠂ ᠤᠯᠤᠰ ᠲᠦᠷᠦ ᠶᠠᠷᠢᠵᠤ ᠦᠷ᠎ᠠ ᠪᠦᠲᠦᠮᠵᠢ ᠶᠢ ᠱᠠᠭᠠᠷᠳᠠᠵᠤ ᠂ ᠦᠢᠯᠡᠴᠢᠯᠡᠬᠦ ᠦᠵᠡᠯ ᠤᠬᠠᠮᠰᠠᠷ ᠢ ᠪᠤᠢ ᠪᠤᠯᠭᠠᠨ᠎ᠠ ᠃ ᠬᠠᠤᠯᠢ ᠴᠠᠭᠠᠵᠠ ᠶᠢᠨ ᠴᠢᠳᠠᠪᠤᠷᠢ ᠶᠢᠨ ᠪᠦᠳᠦᠭᠡᠨ ᠪᠠᠢᠭᠤᠯᠤᠯᠲᠠ ᠶᠢ ᠴᠢᠩᠭᠠᠳᠬᠠᠵᠤ ᠂ ᠰᠤᠷᠴᠤ ᠴᠢᠳᠠᠬᠤ ᠂ ᠬᠡᠷᠡᠭᠯᠡᠵᠦ ᠴᠢᠳᠠᠬᠤ ᠂ ᠬᠡᠯᠡᠵᠦ ᠴᠢᠳᠠᠬᠤ ᠂ ᠪᠢᠴᠢᠵᠦ ᠴᠢᠳᠠᠬᠤ ᠂ ᠬᠢᠵᠦ ᠴᠢᠳᠠᠬᠤ 《ᠳᠠᠪᠤᠨ ᠴᠢᠳᠠᠬᠤ》ᠰᠤᠷᠭᠠᠨ ᠬᠦᠮᠦᠵᠢᠯ ᠦᠨ ᠬᠦᠳᠡᠯᠭᠡᠭᠡᠨ ᠢ ᠢᠳᠡᠪᠬᠢᠳᠠᠢ ᠦᠷᠨᠢᠬᠦᠯᠵᠦ ᠂ 《ᠲᠠᠪᠤᠨ ᠨᠢᠬᠡ》ᠠᠵᠢᠯ ᠤᠨ ᠲᠦᠷᠢᠮ ᠢ ᠶᠠᠪᠤᠭᠳᠠᠭᠤᠯᠵᠤ ᠂ ᠲᠠᠷᠤᠢ ᠭᠠᠷᠠᠭ ᠪᠦᠷᠢ ᠨᠢᠭᠡ ᠤᠳᠠᠭᠠᠨ ᠤ ᠤᠯᠤᠰ ᠲᠦᠷᠦ ᠶᠢᠨ ᠳᠤᠬᠠᠢᠯᠠᠭᠰᠠᠨ ᠠᠵᠢᠯ ᠤᠨ ᠰᠤᠷᠤᠯᠴᠠᠯᠠᠭ᠎ᠠ ᠂ ᠰᠠᠷ᠎ᠠ ᠪᠦᠷᠢ ᠨᠢᠭᠡ ᠤᠳᠠᠭᠠᠨ ᠤ ᠰᠢᠯᠭᠠᠯᠲᠠ ᠬᠢᠵᠦ ᠂ ᠰᠠᠷ᠎ᠠ ᠪᠦᠷᠢ ᠨᠢᠬᠡ ᠰᠤᠳᠤᠯᠤᠨ ᠪᠠᠢᠴᠠᠭᠠᠯᠲᠠ ᠶᠢᠨ ᠦᠬᠦᠯᠡᠯᠭᠡ ᠶᠢ ᠬᠦᠢᠴᠡᠳᠬᠡᠵᠦ᠂ ᠰᠠᠷ᠎ᠠ ᠪᠦᠷᠢ ᠨᠢᠭᠡ ᠤᠳᠠᠭᠠᠨ ᠤ ᠠᠵᠢᠯ ᠤᠨ ᠮᠡᠳᠡᠭᠦᠯᠲᠡ ᠬᠢᠵᠦ ᠂ ᠰᠠᠷ᠎ᠠ ᠪᠦᠷᠢ ᠨᠢᠭᠡ ᠤᠳᠠᠭᠠᠨ ᠤ ᠬᠢᠷᠢ ᠪᠦᠳᠦᠮᠵᠢ ᠶᠢᠨ ᠮᠡᠳᠡᠭᠳᠡᠯ ᠬᠢᠨ᠎ᠠ ᠃ᠰᠢᠭᠦᠭᠴᠢ ᠶᠢᠨ ᠦᠢᠯᠡ ᠠᠵᠢᠯᠯᠠᠭ᠎ᠠ ᠶᠢ ᠲᠦᠷᠢᠮᠵᠢᠭᠦᠯᠵᠦ ᠂ ᠰᠢᠬᠦᠬᠦ ᠬᠤᠷᠢᠶᠠᠨ ᠤ ᠠᠵᠢᠯ ᠢ ᠲᠦᠷᠮᠵᠢᠭᠦᠯᠵᠦ ᠂ ᠲᠦᠷᠪᠡᠨ《ᠴᠠᠭᠠᠵᠢᠯᠠᠬᠤ ᠵᠠᠷᠯᠢᠭ》(ᠳᠠᠷᠤᠢ ᠠᠷᠢᠬᠢ ᠴᠠᠭᠠᠵᠢᠯᠠᠬᠤ ᠵᠠᠷᠯᠢᠭ ᠂ ᠵᠤᠭᠤᠰ ᠨᠠᠭᠠᠳᠤᠬᠤ ᠶᠢ ᠴᠠᠭᠠᠵᠢᠯᠠᠬᠤ ᠂ ᠵᠠᠯᠠᠵᠤ ᠢᠳᠡᠬᠦᠯᠬᠦ ᠶᠢ ᠴᠠᠭᠠᠵᠢᠯᠠᠬᠤ ᠂ ᠪᠡᠯᠡᠭ ᠬᠤᠷᠢᠶᠠᠬᠤ ᠶᠢ ᠴᠠᠭᠠᠵᠢᠯᠠᠬᠤ) ᠢ ᠬᠡᠷᠡᠭᠵᠢᠭᠦᠯᠦᠨ᠎ᠡ᠃

ᠰᠢᠬᠦᠨ ᠳᠠᠰᠤᠯᠤᠯᠲᠠ ᠪᠤᠯ ᠲᠦᠪ ᠭᠤᠤᠯᠴᠢ ᠶᠢᠨ ᠢᠯᠡᠷᠡᠯ ᠮᠦᠨ ᠂ ᠬᠦᠢᠴᠡᠳᠬᠡᠬᠦ ᠨᠢ ᠲᠦᠪ ᠭᠤᠤᠯᠴᠢ ᠶᠢᠨ ᠪᠡᠶᠡᠯᠡᠬᠦᠯᠲᠡ ᠮᠦᠨ ᠃ ᠬᠦᠢᠴᠡᠳᠬᠡᠬᠦ ᠠᠵᠢᠯ ᠨᠢ ᠤᠤᠯ ᠤᠨ ᠪᠦᠳᠦᠭᠦᠯᠢᠭ ᠳᠠᠩ ᠴᠤᠯᠭᠤᠢ ᠠᠯᠪᠠᠳᠠᠯᠭ᠎ᠠ ᠪᠠᠷ ᠬᠦᠢᠴᠡᠳᠬᠡᠬᠦ ᠡᠴᠡ ᠨᠠᠷᠢᠯᠢᠭ ᠪᠤᠳᠠᠳᠠᠢ ᠪᠤᠯᠪᠠᠰᠤᠨ ᠬᠦᠢᠴᠡᠳᠬᠡᠬᠦ ᠪᠤᠯᠵᠤ ᠬᠤᠪᠢᠷᠠᠭᠰᠠᠨ ᠪᠠᠢᠨ᠎ᠠ ᠃

ᠰᠤᠷᠳᠠᠯ ᠤᠨ ᠪᠦᠳᠦᠭᠡᠨ ᠪᠠᠢᠭᠤᠯᠤᠯᠲᠠ ᠶᠢᠨ ᠤᠷᠳᠤ ᠤᠳᠠᠭᠠᠨ ᠪᠠᠢᠭᠤᠯᠤᠮᠵᠢ ᠶᠢ ᠪᠦᠲᠦᠭᠡᠨ ᠪᠠᠢᠭᠤᠯᠵᠤ ᠂ ᠨᠡᠢᠭᠡᠮ ᠦᠨ ᠬᠠᠤᠯᠢ ᠪᠠᠷ ᠵᠠᠰᠠᠬᠤ ᠢᠳᠡᠬᠡᠮᠵᠢ ᠶᠢᠨ ᠰᠢᠰᠲ᠋ᠧᠮ ᠦᠨ ᠪᠦᠲᠦᠭᠡᠨ ᠪᠠᠢᠭᠤᠯᠤᠯᠲᠠ ᠶᠢᠨ ᠴᠢᠩᠭᠠᠳᠬᠠᠵᠤ ᠂ ᠰᠢᠭᠦᠭᠴᠢ ᠶᠢᠨ ᠠᠩᠬᠢ ᠶᠢᠨ ᠰᠤᠷᠤᠯᠴᠠᠬᠤ ᠰᠤᠷᠳᠠᠯ ᠂ ᠪᠢᠴᠢᠭ  ᠦᠨ ᠰᠤᠷᠳᠠᠯ ᠂ ᠰᠤᠷᠳᠠᠯ ᠢ ᠬᠤᠪᠢᠷᠠᠭᠤᠯᠵᠤ ᠂ ᠢᠳᠡᠬᠡᠮᠵᠢᠲᠠᠢ ᠂ ᠰᠢᠨ᠎ᠠ ᠡᠬᠦᠳᠬᠦ ᠂ ᠰᠤᠷᠤᠯᠴᠠᠬᠤ ᠂ ᠴᠤᠭ ᠵᠢᠪᠬᠤᠲᠠᠢ ᠂ ᠦᠢᠯᠡᠴᠢᠯᠡᠭᠡᠨ ᠦ ᠬᠡᠯᠪᠡᠷᠢ ᠶᠢᠨ《ᠲᠠᠪᠤᠨ ᠬᠡᠯᠪᠡᠷᠢ》ᠶᠢᠨ ᠰᠢᠬᠦᠬᠦ ᠬᠤᠷᠢᠶ᠎ᠠ  ᠶᠢ ᠪᠠᠢᠭᠤᠯᠤᠨ᠎ᠠ ᠃

ᠠᠷᠠᠳ ᠢ ᠤᠷᠢᠳᠠᠪᠡᠷ ᠪᠤᠳᠤᠬᠤ ᠂ ᠠᠷᠠᠳ ᠢᠶᠠᠷ ᠦᠨᠳᠦᠰᠦ ᠪᠤᠯᠭᠠᠵᠤ ᠂ ᠬᠠᠤᠯᠢ ᠴᠠᠭᠠᠵᠠ ᠨᠢ ᠠᠷᠠᠳ ᠤᠨ ᠲᠦᠯᠦᠭᠡ ᠬᠡᠳᠡᠭ ᠤᠳᠤᠬᠢᠴᠢᠯᠠᠭᠰᠠᠨ ᠦᠵᠡᠯ ᠤᠬᠠᠮᠰᠠᠷ ᠢ ᠴᠢᠩᠭᠠᠳᠬᠠᠵᠤ ᠂ ᠠᠷᠠᠳ ᠤᠨ ᠲᠦᠯᠦᠬᠡ ᠠᠷᠠᠳ  ᠲᠤ ᠲᠦᠬᠦᠮ ᠠᠷᠪᠠᠨ ᠭᠤᠷᠪᠠᠨ ᠵᠤᠷᠪᠤᠰ ᠠᠷᠭ᠎ᠠ ᠬᠡᠮᠵᠢᠶ᠎ᠠ ᠬᠡᠷᠡᠭᠵᠢᠭᠦᠯᠪᠡ ᠃ ᠬᠠᠮᠤᠭ ᠤᠷᠢᠳᠠᠪᠡᠷ ᠪᠦᠬᠦ ᠤᠷᠤᠨ ᠤ ᠰᠢᠬᠦᠬᠦ ᠬᠤᠷᠢᠶᠠᠨ ᠤ ᠰᠢᠰᠲ᠋ᠧᠮ ᠵᠠᠷᠤᠳᠠᠯ ᠢ ᠬᠦᠴᠦᠨ ᠦᠬᠡᠢ ᠪᠤᠯᠭᠠᠵᠤ ᠂ ᠠᠵᠦ ᠠᠬᠤᠢ ᠶᠢᠨ ᠬᠦᠴᠦᠷᠳᠡᠯ ᠡᠴᠡ ᠪᠤᠯᠵᠤ ᠵᠠᠷᠭᠤ ᠬᠢᠵᠦ ᠳᠡᠢᠯᠬᠦ ᠦᠬᠡᠢ ᠨᠡᠢᠭᠡᠮ ᠦᠨ ᠪᠠᠭᠤᠷᠠᠢ ᠬᠦᠮᠦᠰ ᠲᠦ ᠵᠠᠷᠭᠤ ᠶᠢᠨ ᠵᠠᠷᠤᠳᠠᠯ ᠪᠠ ᠬᠦᠢᠴᠡᠳᠬᠡᠬᠦ ᠵᠠᠷᠤᠳᠠᠯ ᠢ ᠬᠤᠢᠰᠢᠯᠠᠭᠤᠯᠬᠤ ᠂ ᠬᠠᠰᠤᠬᠤ ᠂ ᠬᠡᠯᠳᠡᠷᠢᠬᠦᠯᠬᠦ ᠵᠡᠷᠬᠡ ᠠᠷᠭ᠎ᠠ ᠬᠡᠮᠵᠢᠶ᠎ᠠ ᠠᠪᠴᠤ ᠬᠠᠪᠰᠤᠷᠤᠯᠭ᠎ᠠ ᠦᠵᠡᠬᠦᠯᠵᠦ ᠪᠠᠢᠨ᠎ᠠ ᠃

《ᠬᠠᠤᠯᠢ ᠬᠦᠷᠭᠡᠬᠦ ᠬᠠᠢᠷ᠎ᠠ ᠬᠦᠷᠭᠡᠬᠦ ᠬᠠᠯᠠᠭᠤᠨ ᠳᠤᠯᠠᠭᠠᠨ ᠬᠦᠷᠭᠡᠬᠦ》᠂ 《ᠰᠤᠷᠭᠠᠭᠤᠯᠢ ᠶᠢᠨ ᠬᠤᠷᠢᠶᠠᠨ ᠳᠤ ᠬᠠᠤᠯᠢ ᠬᠦᠷᠭᠡᠬᠦ》ᠪᠠ《ᠡᠷᠦᠬᠡ ᠪᠤᠯᠭᠠᠨ ᠳᠤ ᠬᠠᠤᠯᠢ ᠬᠦᠷᠭᠡᠬᠦ》ᠬᠦᠳᠡᠯᠭᠡᠭᠡᠨ ᠦᠷᠨᠢᠬᠦᠯᠵᠦ ᠂ ᠬᠠᠤᠯᠢ ᠲᠦᠬᠡᠮᠵᠢᠯᠡᠬᠦ ᠶᠠᠳᠠᠭᠤ  ᠶᠢ ᠳᠡᠳᠬᠦᠬᠦ ᠢᠨᠵᠧᠨᠧᠷᠢᠩ ᠢ ᠪᠤᠳᠠᠢᠵᠢᠭᠤᠯᠤᠨ᠎ᠠ ᠃ ᠬᠠᠤᠯᠢ ᠴᠠᠭᠠᠵᠠ ᠶᠢᠨ ᠦᠢᠯᠡᠴᠢᠯᠡᠭᠡᠨ ᠦ ᠵᠢᠭᠠᠪᠤᠷᠢ ᠬᠤᠶᠠᠷ ᠬᠤᠭᠤᠴᠠᠭ᠎ᠠ ᠬᠦᠷᠭᠡᠵᠦ ᠂ ᠬᠤᠭᠤᠴᠠᠭ᠎ᠠ ᠪᠦᠷᠢ 4 ᠲᠦᠮᠡᠨ ᠳᠡᠪᠲᠡᠷ ᠂ ᠺᠠᠲᠠᠷ ᠤᠯᠠᠨ ᠲᠦᠮᠡᠨ ᠳᠦ ᠬᠠᠤᠯᠢ ᠴᠠᠭᠠᠵᠠ ᠶᠢᠨ ᠬᠢᠴᠢᠶᠡᠯ 23 ᠤᠳᠠᠭ᠎ᠠ ᠤᠷᠤᠵᠤ ᠂ 5800 ᠬᠦᠮᠦᠨ ᠤᠷᠤᠯᠴᠠᠪᠠ ᠃ ᠪᠦᠬᠦ ᠬᠤᠰᠢᠭᠤᠨ ᠤ ᠬᠡᠪᠴᠢᠶᠠᠨ ᠳᠤ ᠬᠠᠤᠯᠢ ᠰᠤᠷᠤᠯᠴᠠᠬᠤ ᠂ ᠬᠠᠤᠯᠢ ᠤᠢᠯᠭᠠᠬᠤ ᠂ ᠬᠠᠤᠯᠢ ᠵᠠᠷᠤᠬᠤ ᠂ᠬᠠᠤᠯᠢ ᠰᠠᠬᠢᠬᠤ ᠬᠡᠪ ᠰᠤᠷᠳᠠᠯ ᠢ ᠪᠤᠢ ᠪᠤᠯᠭᠠᠵᠤ ᠂ ᠪᠠᠢᠬᠤ ᠶᠤᠰᠤᠲᠠᠢ ᠦᠢᠯᠡᠴᠢᠯᠡᠭᠡᠨ ᠦ ᠡᠷᠬᠦᠷᠭᠡ ᠬᠠᠷᠢᠭᠤᠴᠠᠯᠭ᠎ᠠ ᠶᠢ ᠪᠠᠳᠠᠷᠠᠭᠤᠯᠪᠠ ᠃

ᠵᠦᠩᠭᠠᠷ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠨᠠᠮ ᠪᠠ ᠠᠷᠠᠳ ᠲᠦᠮᠡᠨ ᠦ ᠨᠠᠢᠳᠠᠯᠭ᠎ᠠ ᠶᠢ ᠬᠦᠰᠡᠷᠳᠡᠬᠦᠯᠦᠭᠰᠡᠨ ᠦᠬᠡᠢ ᠪᠠᠢᠵᠤ ᠂ ᠳᠠᠪᠰᠢᠭᠰᠠᠨ ᠰᠤᠷᠭᠠᠨ ᠬᠦᠮᠦᠵᠢᠯ  ᠦᠨ ᠬᠦᠳᠡᠯᠭᠡᠭᠡᠨ ᠦ ᠱᠠᠭᠠᠷᠳᠠᠯᠭ᠎ᠠ  ᠳᠤ ᠲᠦᠪᠯᠡᠷᠡᠨ ᠂ᠪᠦᠬᠦ ᠤᠯᠤᠰ ᠤᠨ ᠰᠢᠬᠦᠬᠦ ᠬᠤᠷᠢᠶᠠᠨ ᠤ ᠰᠢᠰᠲ᠋ᠧᠮ  ᠦᠨ《ᠨᠡᠢᠬᠡᠮ ᠵᠢᠷᠦᠮ ᠦᠨ ᠬᠠᠤᠯᠢ ᠪᠠᠷ ᠵᠠᠰᠠᠬᠤ ᠤᠬᠠᠮᠰᠠᠷ ᠤᠨ ᠰᠤᠷᠭᠠᠨ ᠬᠦᠮᠦᠵᠢᠯ》ᠳᠤᠰᠬᠠᠢ ᠬᠦᠳᠡᠯᠭᠡᠭᠡᠨ ᠲᠠᠢ ᠤᠶᠠᠯᠳᠠᠭᠤᠯᠤᠨ ᠂ ᠤᠷᠳᠤ ᠬᠤᠭᠤᠴᠠᠭᠠᠨ ᠤ ᠠᠵᠢᠯ ᠤᠨ ᠪᠠᠢᠭᠤᠯᠤᠮᠵᠢ ᠪᠠᠢᠭᠤᠯᠵᠤ ᠂ ᠤᠳᠤᠬᠠᠨ ᠳᠤ ᠪᠦᠬᠦ ᠬᠤᠷᠢᠶᠠᠨ ᠤ ᠺᠠᠲᠠᠷ ᠴᠠᠭᠳᠠᠭ᠎ᠠ ᠨᠠᠷ ᠦᠪᠡᠷ ᠦᠨ ᠠᠵᠢᠯ ᠤᠨ ᠪᠠᠢᠷᠢ ᠳᠡᠭᠡᠷ᠎ᠠ ᠪᠠᠨ ᠴᠤᠭ ᠵᠢᠪᠬᠤᠭᠠᠲᠠᠢ ᠳᠡᠮᠡᠴᠡᠵᠦ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )