ᠳ᠋ᠦᠩᠱᠧᠩ ᠲᠤᠭᠤᠷᠢᠭ ᠤᠨ ᠠᠷᠠᠳ ᠤᠨ ᠰᠢᠬᠦᠬᠦ ᠬᠤᠷᠢᠶᠠᠨ ᠤ ᠲᠦᠬᠦᠮ ᠲᠠᠨᠢᠭᠤᠴᠠᠯᠭ᠎ᠠ
2009.05.15 ᠲᠣᠰ ᠥᠷᠲᠡᠭᠡᠨ ᠦ ᠨᠠᠢᠷᠠᠭᠤᠯᠤᠭᠴᠢ

 ᠤᠭᠲᠠᠷᠭᠤᠢ ᠳ᠋ᠦᠩᠱᠧᠩ ᠳᠦ ᠦᠩᠭᠡ ᠬᠡᠷᠡᠯ ᠤᠯᠭᠤᠵᠤ ᠂ ᠮᠤᠩᠭᠤᠯ ᠬᠡᠷ ᠳ᠋ᠦᠩᠱᠧᠩ ᠳᠦ ᠭᠤᠸ᠎ᠠ ᠰᠠᠢᠬᠠᠨ ᠤᠯᠭᠤᠵᠤ ᠂ ᠦᠬᠡᠷ ᠬᠤᠨᠢ ᠨᠢ ᠨᠡᠩ ᠳ᠋ᠦᠩᠱᠧᠩ ᠳᠦ ᠠᠮᠢ ᠨᠠᠰᠤᠨ ᠤ ᠬᠦᠴᠦᠨ ᠤᠯᠭᠤᠵᠤ ᠂ ᠰᠢᠨᠵᠢᠯᠡᠬᠦ ᠮᠡᠷᠬᠡᠵᠢᠯ  ᠳ᠋ᠦᠩᠱᠧᠩ ᠳᠦ ᠠᠮᠢᠵᠢᠷᠠᠯ ᠤᠨ ᠬᠦᠴᠦᠨ ᠤᠯᠭᠤᠵᠤ ᠂ ᠠᠵᠤ ᠦᠢᠯᠡᠰᠵᠢᠯᠡᠯᠲᠡ ᠂ ᠠᠵᠤ ᠦᠢᠯᠡᠳᠪᠦᠷᠢᠵᠢᠯᠡᠯᠲᠡ ᠂ ᠬᠤᠳᠠᠴᠢᠯᠠᠯᠲᠠ ᠨᠢ ᠳ᠋ᠦᠩᠱᠧᠩ ᠳᠦ ᠦᠷᠢᠰᠦᠯᠳᠦᠬᠦ ᠬᠦᠴᠦᠨ ᠤᠯᠭᠤᠵᠤ ᠂ ᠤᠳᠤ ᠦᠶ᠎ᠠ ᠶᠢᠨ ᠪᠠᠷᠢᠯᠭ᠎ᠠ ᠳ᠋ᠦᠩᠱᠧᠩ ᠳᠦ ᠵᠢᠬᠦᠷ ᠤᠷᠭᠤᠭᠤᠯᠵᠤ ᠂ ᠨᠤᠭᠤᠭᠠᠨ ᠦᠩᠭᠡ ᠪᠡᠷ ᠲᠠᠷᠢᠶᠠᠨ ᠭᠠᠵᠠᠷ ᠢ ᠦᠩᠭᠡᠯᠡᠵᠡᠢ ᠂ ᠡᠨᠡ ᠪᠤᠯ ᠤᠯᠠᠨ ᠢ ᠠᠩᠬᠠᠷᠤᠯ ᠢ ᠳᠠᠳᠠᠵᠤ ᠂ ᠳᠡᠯᠡᠬᠡᠢ ᠳᠦ ᠠᠯᠳᠠᠷᠰᠢᠭᠰᠠᠨ ᠤᠷᠳᠤᠰ ᠤᠨ ᠳ᠋ᠦᠩᠱᠧᠩ ᠪᠤᠯᠤᠨ᠎ᠠ ᠃ ᠬᠠᠳᠤᠨ ᠭᠤᠤᠯ ᠤᠨ ᠡᠪᠦᠷ ᠲᠦ ᠪᠦᠤᠪᠦᠢᠯᠡᠭᠳᠡᠵᠦ ᠂ ᠭᠠᠵᠠᠷ ᠨᠤᠳᠤᠭ ᠦᠷᠭᠡᠨ ᠠᠭᠤᠳᠠᠮ ᠂ ᠤᠯᠠᠨ ᠠᠷᠪᠢᠨ ᠰᠤᠶᠤᠯ ᠤᠨ ᠦᠯᠡᠳᠡᠭᠳᠡᠯ ᠪᠠᠢᠵᠤ ᠂ ᠪᠡᠯᠴᠢᠭᠡᠷ ᠤᠰᠤ ᠰᠠᠢᠲᠠᠢ ᠂ ᠦᠵᠡᠮᠵᠢ ᠰᠤᠭᠲᠤᠷᠠᠮ᠎ᠠ ᠂ ᠡᠬᠢ ᠪᠠᠶᠠᠯᠢᠭ ᠡᠯᠪᠡᠭ ᠪᠠᠢᠳᠠᠭ ᠃ ᠤᠤᠯ  ᠠᠴᠠ  ᠢᠶᠠᠨ《 ᠬᠤᠨᠢ ᠨᠡᠭᠦᠷᠡᠰᠦᠨ ᠨᠤᠳᠤᠭ》 ᠂ 《ᠬᠦᠮᠦᠨ ᠦ ᠶᠢᠷᠲᠢᠨᠴᠦ ᠶᠢᠨ ᠰᠠᠬᠢᠭᠤᠯᠰᠤᠨ ᠤᠷᠤᠨ 》ᠬᠡᠳᠡᠭ ᠨᠡᠷ᠎ᠠ ᠲᠠᠢ ᠶᠤᠮ ᠂《 ᠳᠠᠭᠤᠨ ᠤ ᠳᠠᠯᠠᠢ ᠂ ᠪᠦᠵᠢᠭ ᠦᠨ ᠨᠤᠳᠤᠭ》ᠪᠠᠢᠵᠤ ᠂ ᠬᠤᠳᠠ ᠪᠠᠯᠭᠠᠰᠤ ᠶᠢᠨ ᠨᠢᠬᠡᠴᠢᠯᠡᠯᠲᠡ ᠨᠢᠭᠡᠨᠲᠡ ᠪᠦᠷᠢᠯᠳᠦᠵᠦ ᠂ ᠠᠵᠤ ᠦᠢᠯᠡᠰ ᠦᠨ ᠪᠦᠳᠦᠴᠡ ᠨᠢᠭᠡᠨᠲᠡ ᠳᠡᠰ ᠲᠠᠪᠰᠢᠵᠤ ᠂ ᠰᠢᠨ᠎ᠠ ᠮᠠᠶᠢᠭ ᠤᠨ ᠲᠤᠨᠤᠭ ᠲᠦᠬᠦᠭᠡᠷᠦᠮᠵᠢ ᠶᠢᠨ ᠦᠢᠯᠡᠰ ᠨᠢ ᠨᠢᠭᠡᠨᠲᠡ ᠲᠤᠯᠤᠭᠠᠢᠯᠠᠭᠴᠢ ᠪᠤᠯᠤᠭᠰᠠᠨ ᠪᠠᠢᠨ᠎ᠠ ᠃ ᠳ᠋ᠦᠩᠱᠧᠩ ᠪᠤᠯ ᠳᠤᠮᠳᠠᠳᠤ ᠤᠯᠤᠰ ᠤᠨ ᠨᠤᠤᠯᠤᠷ ᠤᠨ ᠬᠤᠳᠠ ᠂ ᠳᠡᠯᠡᠬᠡᠢ ᠶᠢᠨ ᠨᠤᠤᠯᠤᠷ ᠤᠨ ᠦᠢᠯᠡᠰ ᠦᠨ ᠲᠦᠪ᠂ ᠪᠦᠬᠦ ᠤᠯᠤᠰ ᠤᠨ ᠰᠢᠯᠢᠳᠡᠭ ᠵᠢᠭᠤᠴᠢᠯᠠᠯ ᠤᠨ ᠬᠤᠳᠠ ᠂ ᠪᠤᠯᠪᠠᠰᠤᠨ ᠬᠤᠳᠠ ᠂ ᠪᠦᠬᠦ ᠤᠯᠤᠰ ᠤᠨ ᠬᠠᠮᠤᠭ ᠠᠮᠤᠷ ᠳᠦᠪᠰᠢᠨ ᠬᠤᠳᠠ ᠮᠦᠨ ᠃ ᠳ᠋ᠦᠩᠱᠧᠩ ᠪᠤᠯ ᠨᠡᠷᠡᠲᠦ ᠳᠡᠮᠳᠡᠭ ᠢᠶᠡᠷ ᠦᠩᠭᠡ ᠬᠡᠷᠡᠯ ᠢ ᠡᠭᠦᠳᠴᠦ ᠂ ᠨᠢᠭᠡᠨᠲᠡ ᠱᠠᠨ ᠰᠢ ᠂ ᠱᠠᠨᠰᠢ ᠂ ᠨᠢᠩᠰᠢᠶᠠ ᠦᠪᠦᠷ ᠮᠤᠩᠭᠤᠯ ᠢ ᠬᠤᠯᠪᠤᠭᠠᠯᠠᠭᠰᠠᠨ ᠭᠤᠤᠯ ᠤᠷᠤᠨ ᠪᠤᠯᠵᠤ ᠂ ᠠᠵᠤ ᠠᠬᠤᠢ ᠶᠢᠨ ᠭᠤᠤᠯ ᠲᠤᠭᠤᠷᠢᠭ ᠪᠤᠯᠵᠤ ᠂ ᠰᠢᠨ᠎ᠠ ᠴᠡᠭ ᠲᠦ ᠵᠤᠭᠰᠤᠵᠤ ᠂ ᠰᠢᠨ᠎ᠠ ᠬᠦᠰᠡᠯ ᠲᠦᠰᠦᠪ ᠢ ᠪᠦᠲᠦᠭᠡᠨ ᠂ ᠰᠢᠨ᠎ᠡ ᠦᠩᠭᠡ ᠬᠡᠷᠡᠯ ᠢ ᠡᠭᠦᠳᠡᠨ᠎ᠠ ᠃

ᠳ᠋ᠦᠩᠱᠧᠩ ᠲᠤᠭᠤᠷᠢᠭ ᠤᠨ ᠠᠷᠠᠳ ᠤᠨ ᠰᠢᠬᠦᠬᠦ ᠬᠤᠷᠢᠶ᠎ᠠ ᠨᠢ ᠬᠤᠳᠠ ᠶᠢᠨ ᠭᠤᠤᠯ ᠳᠤ ᠪᠠᠢᠷᠢᠯᠠᠵᠤ ᠂ 6800 ᠲᠡᠭᠰᠢ ᠲᠦᠷᠪᠡᠯᠵᠢᠨ ᠮᠧᠲ᠋ᠷ ᠡᠵᠡᠯᠡᠵᠦ ᠂ 1950 ᠤᠨ ᠳᠤ ᠪᠠᠢᠭᠤᠯᠤᠭᠳᠠᠵᠤ ᠂ ᠤᠳᠤᠬᠠᠨ ᠳᠤ 15 ᠳᠤᠳᠤᠭᠠᠳᠤ ᠪᠠᠢᠭᠤᠯᠤᠮᠵᠢ ᠪᠠ 2 ᠲᠤᠮᠢᠯᠠᠭᠰᠠᠨ ᠰᠢᠬᠦᠬᠦ ᠲᠢᠩᠬᠢᠮ ᠲᠠᠢ ᠃ ᠺᠠᠲᠠᠷ ᠴᠠᠭᠳᠠᠭ᠎ᠠ ᠨᠡᠢᠲᠡ 144 ᠬᠦᠮᠦᠨ ᠂ ᠳᠤᠮᠳᠠᠴᠢ ᠨᠠᠰᠤ ᠨᠢ 35 ᠨᠠᠰᠤ ᠪᠠᠢᠵᠤ ᠂ ᠡᠭᠦᠨ ᠦ ᠳᠤᠮᠳᠠ ᠨᠠᠮ ᠤᠨ ᠬᠡᠰᠢᠬᠦᠨ 75 ᠨᠡᠷᠡᠰ ᠂ ᠴᠦᠬᠡᠨ ᠲᠤᠭᠠᠲᠤ ᠦᠨᠳᠦᠰᠦᠲᠡᠨ ᠦ ᠺᠠᠲᠠᠷ 28ᠨᠡᠷᠡᠰ ᠂ ᠰᠢᠬᠦᠨ ᠳᠠᠰᠤᠯᠤᠭᠴᠢ 52 ᠨᠡᠷᠡᠰ ᠂ ᠰᠢᠭᠦᠭᠴᠢ ᠶᠢᠨ ᠬᠠᠪᠰᠤᠷᠤᠭᠴᠢ 13 ᠨᠡᠷᠡᠰ ᠂ ᠳᠡᠭᠡᠳᠦ ᠵᠡᠷᠬᠡ ᠶᠢᠨ ᠳᠤᠰᠬᠠᠢ ᠮᠡᠷᠬᠡᠵᠢᠯ ᠵᠢᠴᠢ ᠵᠢᠩᠬᠢᠨᠢ ᠠᠩᠬᠢ ᠠᠴᠠ ᠳᠡᠭᠡᠰᠢᠬᠢ ᠰᠤᠷᠤᠯᠭ᠎ᠠ ᠶᠢᠨ ᠨᠠᠮᠳᠠᠷ ᠲᠠᠢ ᠨᠢ ᠳᠤᠰᠪᠤᠷᠢ 100% ᠪᠠ 90%  ᠳᠤ ᠬᠦᠷᠴᠦ ᠂ ᠰᠤᠳᠤᠯᠤᠬᠤ ᠰᠤᠷᠤᠭᠴᠢ ᠶᠢᠨ ᠰᠤᠷᠤᠯᠭ᠎ᠠ ᠶᠢᠨ ᠨᠠᠮᠲᠠᠷ ᠲᠠᠢ 4 ᠬᠦᠮᠦᠨ ᠪᠠᠢᠳᠠᠭ ᠃ ᠵᠢᠯ ᠦᠨ ᠰᠢᠢᠳᠪᠦᠷᠢᠯᠡᠭᠰᠡᠨ ᠬᠡᠷᠡᠭ ᠨᠢ 6000 ᠭᠠᠷᠤᠢ ᠪᠠᠢᠵᠤ ᠂ ᠪᠦᠬᠦ ᠬᠤᠳᠠ ᠶᠢᠨ ᠨᠢᠬᠡᠳᠦᠬᠡᠷ ᠰᠢᠬᠦᠯᠲᠡ ᠶᠢᠨ ᠬᠡᠷᠡᠭ ᠦᠨ ᠬᠠᠭᠠᠰ ᠢ ᠡᠵᠡᠯᠡᠵᠦ ᠪᠠᠢᠨ᠎ᠠ ᠃ ᠳ᠋ᠦᠩᠱᠧᠩ ᠲᠤᠭᠤᠷᠢᠭ ᠤᠨ ᠰᠢᠬᠦᠬᠦ ᠬᠤᠷᠢᠶ᠎ᠠ《ᠬᠠᠤᠯᠢ ᠶᠢ ᠦᠨᠳᠦᠰᠦᠯᠡᠵᠦ ᠰᠢᠬᠦᠬᠦ ᠬᠤᠷᠢᠶ᠎ᠠ ᠪᠠᠢᠭᠤᠯᠵᠤ ᠂ ᠴᠢᠳᠠᠪᠤᠷᠢᠳᠠᠨ ᠰᠢᠬᠦᠬᠦ ᠬᠤᠷᠢᠶ᠎ᠠ ᠶᠢ ᠬᠦᠴᠦᠷᠬᠡᠭᠵᠢᠯᠡᠬᠦᠯᠵᠦ ᠂ ᠰᠢᠨᠵᠢᠯᠡᠬᠦ ᠮᠡᠷᠭᠡᠵᠢᠯ ᠰᠢᠬᠦᠬᠦ ᠬᠤᠷᠢᠶ᠎ᠠ ᠶᠢ ᠪᠠᠳᠠᠷᠠᠭᠤᠯᠵᠤ ᠂ ᠴᠢᠩᠭ᠎ᠠ ᠲᠦᠪᠴᠢ ᠪᠡᠷ ᠰᠢᠬᠦᠬᠦ ᠬᠤᠷᠢᠶ᠎ᠠ ᠶᠢ ᠵᠠᠰᠠᠨ ᠂ ᠲᠦᠷᠢ ᠲᠦᠷᠬᠦ ᠪᠡᠷ ᠰᠢᠬᠦᠬᠦ ᠬᠤᠷᠢᠶ᠎ᠠ ᠶᠢ ᠴᠢᠮᠡᠭᠯᠡᠬᠦ》 ᠶᠢ ᠪᠠᠷᠢᠮᠳᠠᠯᠠᠵᠤ ᠂ ᠰᠢᠬᠦᠬᠦ ᠬᠤᠷᠢᠶᠠᠨ ᠤ ᠰᠤᠶᠤᠯ ᠤᠨ ᠪᠦᠲᠦᠬᠡᠨ ᠪᠠᠢᠭᠤᠯᠤᠯᠲᠠ ᠶᠢ ᠲᠤᠤᠱᠢᠯᠠᠭᠤᠯᠵᠤ ᠂《 ᠳᠤᠯᠤᠭᠠᠨ ᠤᠷᠤᠨ ᠨᠢᠬᠡ ᠴᠤᠭᠴᠠ》ᠰᠤᠶᠤᠯ ᠤᠨ ᠰᠢᠰᠲ᠋ᠧᠮ ᠢ ᠪᠦᠲᠦᠭᠡᠨ ᠪᠠᠢᠭᠤᠯᠵᠤ ᠂ ᠲᠤᠪᠤᠢᠮ᠎ᠠ ᠰᠢᠪᠲᠤᠯᠤᠯᠲᠠ ᠶᠢᠨ ᠪᠦᠲᠦᠮᠵᠢ ᠲᠠᠢ ᠪᠠᠢᠵᠤ ᠂ ᠪᠦᠬᠦ ᠲᠠᠯ᠎ᠠ ᠪᠠᠷ ᠰᠢᠬᠦᠬᠦ ᠬᠤᠷᠢᠶᠠᠨ ᠤ ᠪᠠᠢᠭᠤᠯᠤᠯᠲᠠ ᠪᠠ ᠬᠦᠭᠵᠢᠯᠲᠡ ᠶᠢ ᠠᠬᠢᠭᠤᠯᠤᠨ᠎ᠠ ᠃

ᠨᠠᠮ ᠤᠨ ᠪᠦᠲᠦᠬᠡᠨ ᠪᠠᠢᠭᠤᠯᠤᠯᠲᠠ ᠨᠢ ᠰᠢᠨ᠎ᠠ ᠨᠡᠬᠡᠬᠡᠯᠲᠡ ᠲᠠᠢ ᠄ ᠪᠢᠳᠡ ᠨᠠᠮ ᠤᠨ ᠪᠦᠲᠦᠬᠡᠨ ᠪᠠᠢᠭᠤᠯᠤᠯᠲᠠ  ᠶᠢᠨ ᠠᠵᠢᠯ ᠪᠤᠯᠤᠨ ᠰᠢᠬᠦᠬᠦ ᠬᠤᠷᠢᠶᠠᠨ ᠤ ᠠᠵᠢᠯ ᠤᠨ ᠨᠡᠢᠯᠡᠬᠦ ᠪᠠ ᠭᠠᠷᠳᠠᠨ ᠤᠷᠤᠬᠤ  ᠪᠠᠷ ᠴᠢᠷᠮᠠᠢᠵᠤ ᠂ 《ᠴᠡᠭ》ᠠᠯᠢᠪᠠ ᠶᠢ ᠳᠤᠭᠳᠠᠭᠠᠬᠤ ᠤᠬᠠᠭᠳᠠᠭᠤᠨ ᠢ ᠪᠤᠢ ᠪᠤᠯᠭᠠᠵᠤ ᠂ 《ᠨᠠᠮ ᠤᠨ ᠪᠦᠲᠦᠭᠡᠨ ᠪᠠᠢᠭᠤᠯᠤᠯᠲᠠ ᠶᠢ ᠠᠳᠬᠤᠵᠤ ᠂ ᠲᠦᠪ ᠭᠤᠤᠯᠴᠢ ᠶᠢ ᠠᠬᠢᠭᠤᠯᠵᠤ ᠂ ᠤᠯᠤᠰ ᠲᠦᠷᠦ ᠶᠠᠷᠢᠵᠤ ᠂ ᠦᠷ᠎ᠡ ᠪᠦᠲᠦᠮᠵᠢ ᠶᠢ ᠱᠠᠭᠠᠷᠳᠠᠬᠤ》ᠰᠢᠬᠦᠬᠦ ᠬᠤᠷᠢᠶᠠᠨ ᠤ ᠠᠵᠢᠯ ᠤᠨ ᠰᠢᠨ᠎ᠠ ᠰᠡᠳᠬᠢᠴᠡ ᠶᠢ ᠳᠤᠭᠳᠠᠭᠠᠵᠤ ᠂《ᠭᠤᠷᠪᠠᠨ ᠠᠮᠠᠯᠠᠲᠠ ᠨᠢᠬᠡ ᠲᠠᠩᠭᠠᠷᠢᠭ ᠨᠢᠭᠡ ᠪᠠᠳᠤᠯᠤᠯᠲᠠ》 ᠶᠢᠨ ᠲᠠᠩᠭᠠᠷᠢᠭ ᠢ ᠪᠤᠢ ᠪᠤᠯᠭᠠᠵᠤ ᠂ ᠤᠯᠤᠰ ᠲᠦᠷᠦ ᠂ ᠵᠤᠬᠢᠶᠠᠨ ᠪᠠᠢᠭᠤᠯᠤᠯᠲᠠ ᠂ ᠲᠦᠷᠢᠮ  ᠦᠨ 《ᠭᠤᠷᠪᠠᠨ ᠪᠠᠲᠤᠯᠪᠤᠷᠢ》 ᠪᠠᠷ ᠳᠠᠮᠵᠢᠵᠤ ᠨᠠᠮ ᠤᠨ ᠪᠦᠲᠦᠭᠡᠨ ᠪᠠᠢᠭᠤᠯᠤᠯᠲᠠ  ᠶᠢᠨ ᠠᠵᠢᠯ  ᠢ ᠰᠠᠢᠳᠤᠷ ᠠᠳᠬᠤᠵᠤ ᠂ ᠡᠩᠨᠡᠭᠡ ᠶᠢ ᠪᠤᠢ ᠪᠤᠯᠭᠠᠵᠤ ᠂ ᠬᠠᠮᠲᠤ ᠨᠢᠭᠡᠴᠡ ᠶᠢᠨ ᠵᠤᠷᠢᠭ ᠰᠠᠨᠠᠭ᠎ᠠ ᠶᠢ ᠪᠤᠢ ᠪᠤᠯᠭᠠᠵᠤ ᠂ ᠰᠠᠢᠨ ᠮᠦᠷᠲᠡᠭᠡᠨ ᠬᠤᠷᠳᠤᠨ ᠬᠦᠭᠵᠢᠯᠲᠡ ᠶᠢ ᠠᠬᠢᠭᠤᠯ ᠠᠬᠢᠭᠤᠯᠤᠭᠰᠠᠨ ᠪᠠᠢᠨ᠎ᠠ ᠃ ᠰᠤᠶᠤᠯ ᠰᠤᠷᠤᠯᠴᠠᠬᠤ ᠨᠢ ᠰᠢᠨ᠎ᠠ ᠤᠬᠠᠭᠳᠠᠭᠤᠨ ᠲᠠᠢ ᠪᠤᠯᠪᠠ ᠄ ᠰᠠᠢᠳᠤᠷ ᠰᠤᠷᠤᠯᠴᠠᠨ ᠡᠳᠦᠷ ᠡᠴᠡ ᠡᠳᠦᠷ ᠳᠡᠭᠡᠭᠰᠢᠯᠡᠬᠦ ᠶᠢ ᠪᠠᠷᠢᠮᠳᠠᠯᠠᠵᠤ ᠂ ᠡᠳᠦᠷ ᠪᠦᠷᠢ 1% ᠳᠠᠪᠰᠢᠬᠤ ᠶᠢ ᠪᠠᠷᠢᠮᠳᠠᠯᠠᠵᠤ ᠂ ᠡᠳᠦᠷ ᠪᠦᠷᠢ ᠬᠠᠮᠤᠭ ᠴᠢᠬᠤᠯᠠ ᠠᠵᠢᠯ  ᠬᠢᠬᠦ ᠶᠢ ᠪᠠᠷᠢᠮᠳᠠᠯᠠᠵᠤ ᠂ ᠡᠳᠦᠷ ᠪᠦᠷᠢ ᠴᠠᠭ ᠤᠨ ᠤᠷᠤᠰᠬᠠᠯ ᠢ ᠳᠠᠭᠠᠵᠤ ᠂ ᠴᠠᠭ ᠲᠠᠢ ᠬᠠᠮᠳᠤ ᠤᠷᠤᠭᠰᠢᠯᠠᠬᠤ 《ᠲᠦᠷᠪᠡᠨ ᠲᠦᠷᠦᠯ》 ᠵᠠᠷᠴᠢᠮ ᠢ ᠪᠠᠷᠢᠮᠳᠠᠯᠠᠵᠤ ᠂ 《ᠵᠢᠷᠭᠤᠭᠠᠨ ᠨᠢᠬᠡ ᠠᠵᠢᠯ ᠢ ᠲᠦᠷᠢᠮ》 ᠢ ᠪᠤᠢ ᠪᠤᠯᠭᠠᠵᠤ᠂ ᠰᠤᠷᠤᠯᠴᠠᠬᠤ ᠠᠭᠤᠯᠭ᠎ᠠ ᠂ ᠠᠷᠭ᠎ᠠ ᠬᠡᠯᠪᠡᠷᠢ᠂ ᠠᠷᠭ᠎ᠠ ᠮᠠᠶᠢᠭ ᠂ ᠬᠡᠯᠪᠡᠷᠢ ᠂ ᠠᠴᠢᠶᠠᠯᠠᠭᠴᠢ ᠂ ᠦᠷ᠎ᠠ ᠪᠦᠲᠮᠵᠢ ᠡᠴᠡ 《ᠪᠤᠳᠠᠳᠤ ᠪᠡᠶ᠎ᠠ》ᠰᠤᠷᠤᠯᠴᠠᠬᠤ ᠰᠢᠰᠲ᠋ᠧᠮ ᠢ ᠪᠤᠢ ᠪᠤᠯᠭᠠᠵᠤ ᠂ ᠡᠬᠦᠨ ᠦ ᠤᠯᠠᠮ ᠠᠴᠠ ᠰᠤᠷᠤᠯᠴᠠᠵᠤ ᠴᠢᠳᠠᠬᠤ ᠂ ᠬᠡᠷᠡᠭᠯᠡᠵᠦ ᠴᠢᠳᠠᠬᠤ ᠂ ᠬᠡᠯᠡᠵᠦ ᠴᠢᠳᠠᠬᠤ ᠂ ᠪᠢᠴᠢᠵᠦ ᠴᠢᠳᠠᠬᠤ ᠂ ᠬᠢᠵᠦ ᠴᠢᠳᠠᠬᠤ 《ᠲᠠᠪᠤᠨ ᠴᠢᠳᠠᠬᠤ》ᠪᠠᠷᠢᠮᠵᠢᠶ᠎ᠠ ᠲᠠᠢ ᠪᠤᠯᠵᠤ ᠂ 《ᠲᠠᠪᠤᠨ ᠬᠡᠯᠪᠡᠷᠢ》 ᠶᠢᠨ ᠰᠢᠬᠦᠬᠦ ᠬᠤᠷᠢᠶ᠎ᠠ ᠶᠢ ᠪᠦᠲᠦᠭᠡᠨ ᠪᠠᠢᠭᠤᠯᠤᠨ᠎ᠠ ᠃ ᠬᠠᠮᠢᠶᠠᠷᠤᠯᠲᠠ ᠶᠢᠨ ᠰᠤᠶᠤᠯ ᠨᠢ ᠰᠢᠨ᠎ᠠ ᠰᠢᠪᠲᠤᠯᠤᠯᠲᠠ ᠲᠠᠢ ᠪᠤᠯᠪᠠ ᠄ ᠦᠵᠡᠯ ᠰᠠᠨᠠᠭᠠᠨ ᠤ ᠠᠷᠢᠭᠤᠨ ᠴᠢᠭᠡᠴᠢ ᠶᠢ ᠰᠤᠷᠭᠠᠵᠤ ᠂ ᠰᠡᠷᠡᠮᠵᠢᠭᠦᠯᠦᠨ ᠱᠠᠮᠰᠢᠬᠤ ᠶᠢ ᠰᠡᠷᠬᠡᠢᠯᠡᠬᠦ ᠂ ᠳᠠᠭᠤᠷᠢᠶᠠᠯ ᠦᠵᠡᠬᠦᠯᠦᠨ ᠠᠷᠢᠭᠤᠨ ᠴᠢᠬᠡᠴᠢ ᠪᠠᠢᠯᠭᠠᠬᠤ ᠂ ᠬᠡᠷ ᠪᠦᠯᠢ ᠨᠢ ᠠᠷᠢᠭᠤᠨ ᠴᠢᠬᠡᠴᠢ ᠪᠠᠢᠬᠤ ᠳᠤ ᠬᠠᠪᠰᠤᠷᠠᠬᠤ ᠂ ᠲᠦᠷᠢᠮ ᠢᠶᠡᠷ ᠳᠠᠮᠵᠢᠨ ᠴᠢᠬᠡᠴᠢ  ᠪᠠᠷ ᠵᠠᠰᠠᠬᠤ ᠂ ᠬᠢᠨᠠᠨ ᠪᠠᠢᠴᠠᠭᠠᠯᠲᠠ ᠬᠢᠵᠦ ᠠᠷᠢᠭᠤᠨ ᠴᠢᠭᠡᠴᠢ ᠶᠢ ᠠᠬᠢᠭᠤᠯᠬᠤ 《ᠵᠢᠷᠭᠤᠭᠠᠨ ᠤᠷᠤᠨ ᠨᠢᠬᠡ ᠨᠢᠭᠡᠴᠡ》ᠠᠷᠢᠭᠤᠨ ᠴᠢᠬᠡᠴᠢ  ᠪᠡᠷ ᠲᠦᠷᠦ ᠪᠠᠷᠢᠬᠤ ᠰᠤᠶᠤᠯ ᠤᠨ ᠰᠢᠰᠲ᠋ᠧᠮ ᠢ ᠪᠠᠢᠭᠤᠯᠵᠤ᠂ 《ᠶᠠᠭᠤ ᠬᠢᠵᠦ ᠪᠤᠯᠬᠤ ᠦᠬᠡᠢ ᠨᠢ ᠶᠠᠭᠤ ᠬᠢᠬᠦ ᠡᠴᠡ ᠴᠢᠬᠤᠯᠠ》ᠬᠡᠳᠡᠭ ᠤᠬᠠᠭᠳᠠᠭᠤᠨ ᠢ ᠪᠤᠢ ᠪᠤᠯᠭᠠᠵᠤ ᠂ ᠤᠯᠠᠨ ᠡᠰᠢᠲᠦ ᠪᠤᠳᠠᠳᠤ ᠠᠷᠢᠭᠤᠨ ᠴᠢᠬᠡᠴᠢ ᠪᠡᠷ ᠵᠠᠰᠠᠭ ᠪᠠᠷᠢᠬᠤ ᠰᠦᠯᠵᠢᠶᠡᠨ ᠦ ᠰᠢᠰᠲ᠋ᠧᠮ ᠢ ᠪᠤᠢ ᠪᠤᠯᠭᠠᠵᠤ ᠂ 《ᠭᠤᠷᠪᠠᠨ ᠲᠦᠷᠦᠯ 》  ᠦᠨ ᠰᠤᠷᠭᠠᠨ ᠬᠦᠮᠦᠵᠢᠯ ᠢᠶᠡᠷ ᠳᠠᠮᠵᠢᠨ《ᠭᠤᠷᠪᠠᠨ ᠲᠦᠷᠢᠮᠵᠢᠯ》 ᠢ ᠠᠬᠢᠭᠤᠯᠤᠭᠰᠠᠨ ᠪᠠᠢᠨ᠎ᠠ ᠃

ᠡᠶᠡᠳᠡᠭᠦᠯᠬᠦ ᠰᠤᠶᠤᠯ ᠨᠢ ᠰᠢᠨ᠎ᠠ  ᠶᠢ ᠡᠭᠦᠳᠡᠪᠡ ᠄ 《ᠭᠤᠷᠪᠠᠨ ᠤᠷᠤᠨ ᠨᠢᠬᠡ ᠴᠤᠭᠴᠠ》 ᠶᠢᠨ ᠡᠶᠡᠳᠡᠭᠦᠯᠬᠦ ᠴᠤᠭᠴᠠ ᠶᠢ ᠪᠠᠢᠭᠤᠯᠵᠤ ᠂ ᠡᠶᠡᠳᠡᠬᠦᠯᠬᠦ ᠰᠤᠯᠵᠢᠶᠡᠨ ᠰᠢᠰᠲ᠋ᠧᠮ ᠢ ᠪᠠᠢᠭᠤᠯᠵᠤ ᠂ ᠡᠶᠡᠳᠡᠬᠦᠯᠬᠦ ᠠᠯᠬᠤᠮ ᠲᠦᠷᠢᠮ ᠢ ᠳᠡᠭᠦᠯᠳᠡᠷᠰᠢᠬᠦᠯᠵᠦ ᠂ ᠡᠶᠡᠳᠡᠬᠦᠯᠬᠦ ᠠᠵᠢᠯ ᠢ ᠠᠬᠢᠭᠤᠯᠵᠤ ᠂ ᠨᠠᠷᠢᠯᠢᠭ ᠂ ᠪᠤᠳᠠᠳᠠᠢ ᠂ ᠪᠤᠯᠪᠠᠰᠤᠨ ᠡᠶᠡᠳᠡᠬᠦᠯᠬᠦ ᠰᠢᠰᠲ᠋ᠧᠮ ᠪᠤᠢ ᠪᠤᠯᠵᠤ ᠂ ᠠᠮᠤᠷ ᠳᠤᠭᠳᠠᠭᠤᠨ ᠢ ᠪᠠᠳᠤᠯᠠᠵᠤ ᠂ ᠬᠦᠭᠵᠢᠯᠲᠡ ᠶᠢ ᠠᠬᠢᠭᠤᠯᠵᠤ ᠂ ᠡᠶ᠎ᠠ ᠵᠤᠬᠢᠴᠠᠯ ᠢ ᠪᠦᠲᠦᠭᠡᠨ ᠪᠠᠢᠭᠤᠯᠪᠠ ᠃

ᠬᠦᠢᠴᠡᠳᠬᠡᠬᠦ ᠰᠤᠶᠤᠯ ᠨᠢ ᠰᠢᠨ᠎ᠠ ᠠᠷᠭ᠎ᠠ ᠬᠡᠮᠵᠢᠶ᠎ᠠ ᠲᠠᠢ ᠪᠤᠯᠪᠠ ᠄ ᠬᠦᠯᠢᠶᠡᠨ ᠠᠪᠴᠤ ᠬᠦᠢᠴᠡᠳᠬᠡᠬᠦ ᠨᠢᠤᠤᠯ ᠤᠨ《ᠬᠦᠳᠡᠯᠡᠭᠳᠦᠩᠬᠦᠢ ᠡᠴᠡ ᠬᠦᠳᠡᠯᠦᠩᠬᠦᠢ ᠪᠤᠯᠵᠤ ᠂ ᠳᠠᠩ ᠴᠤᠯᠭᠤᠢ ᠠᠴᠠ ᠤᠯᠠᠨ ᠶᠠᠩᠵᠤ ᠪᠤᠯᠵᠤ ᠂ ᠮᠸᠬᠠᠨᠢᠭ ᠨᠢ ᠦᠢᠯᠡᠴᠢᠯᠡᠭᠡ ᠪᠤᠯᠵᠤ ᠂ ᠠᠯᠪᠠᠳᠠᠯᠭ᠎ᠠ ᠨᠢ ᠬᠠᠪᠰᠤᠷᠤᠮᠵᠢ ᠪᠤᠯᠵᠤ ᠂ ᠳᠠᠷᠤᠯᠲᠠ ᠦᠭᠬᠦ ᠨᠢ ᠤᠷᠢᠳᠴᠢᠯᠠᠨ ᠰᠢᠢᠳᠪᠦᠷᠢᠯᠡᠬᠦ ᠪᠤᠯᠤᠭᠰᠠᠨ》ᠦᠷ᠎ᠠ ᠪᠦᠳᠦᠮᠵᠢ ᠲᠠᠢ ᠬᠤᠪᠢᠷᠠᠯᠲᠠ ᠭᠠᠷᠤᠭᠰᠠᠨ ᠪᠠᠢᠨ᠎ᠠ ᠃ ᠤᠬᠠᠭᠤᠯᠭ᠎ᠠ ᠂ ᠰᠤᠭᠠᠨ ᠬᠦᠮᠦᠵᠢᠯ ᠂ ᠢᠳᠬᠠᠬᠤ ᠂ ᠲᠦᠪᠯᠡᠷᠡᠬᠦᠯᠦᠨ ᠬᠦᠢᠴᠡᠳᠬᠡᠬᠦ ᠬᠤᠷᠠᠯ ᠬᠢᠬᠦ ᠪᠠ ᠵᠠᠭᠤᠴᠢ ᠪᠠᠷ ᠢᠯᠡᠴᠢᠯᠡᠬᠦ ᠵᠡᠷᠬᠡ ᠪᠦᠲᠦᠮᠵᠢᠲᠠᠢ ᠠᠷᠭ᠎ᠠ ᠬᠡᠯᠪᠡᠷᠢ ᠪᠡᠷ ᠳᠠᠮᠵᠢᠵᠤ ᠂ ᠨᠠᠷᠢᠯᠢᠭ ᠂ ᠪᠤᠳᠠᠳᠠᠢ ᠂ ᠤᠯᠠᠨ ᠡᠰᠢᠲᠦ ᠬᠦᠢᠴᠡᠳᠬᠡᠬᠦ ᠬᠡᠯᠪᠡᠷᠢ ᠪᠡᠷ ᠭᠦᠢᠴᠡᠳᠬᠡᠬᠦ ᠠᠵᠢᠯ ᠤᠨ ᠲᠦᠷᠭᠡᠨ ᠮᠦᠷᠲᠡᠭᠡᠨ ᠰᠠᠢᠨ ᠬᠦᠭᠵᠢᠯᠲᠡ ᠶᠢ ᠠᠬᠢᠭᠤᠯᠵᠤ ᠂ ᠲᠦᠪ ᠭᠤᠤᠯᠴᠢ ᠂ᠪᠦᠲᠦᠮᠵᠢᠲᠠᠢ ᠪᠠᠷ ᠲᠤᠬᠠᠢ ᠶᠢᠨ ᠬᠦᠮᠦᠨ ᠦ ᠠᠰᠢᠭ ᠳᠤᠰᠠ ᠶᠢ ᠪᠡᠶᠡᠯᠡᠬᠦᠯᠦᠨ᠎ᠠ ᠃

ᠦᠢᠯᠡᠴᠢᠯᠡᠬᠦ ᠰᠤᠶᠤᠯ ᠨᠢ ᠰᠢᠨ᠎ᠠ ᠠᠬᠢᠴᠠ ᠲᠠᠢ ᠪᠤᠯᠪᠠ ᠄ ᠦᠷᠭᠡᠨ ᠬᠡᠪᠴᠢᠶ᠎ᠠ ᠂ ᠤᠯᠠᠨ ᠠᠷᠭ᠎ᠠ ᠵᠠᠮ ᠲᠠᠢ ᠦᠢᠯᠡᠴᠢᠯᠡᠭᠡᠨ ᠦ ᠰᠢᠰᠲ᠋ᠧᠮ ᠢ ᠪᠠᠢᠭᠤᠯᠵᠤ ᠂ 《ᠬᠠᠤᠯᠢ ᠬᠦᠷᠭᠡᠬᠦ ᠂ ᠰᠡᠳᠬᠢᠯ ᠬᠦᠷᠭᠡᠬᠦ ᠂ ᠬᠠᠯᠠᠭᠤᠨ ᠳᠤᠯᠠᠭᠠᠨ ᠬᠦᠷᠭᠡᠬᠦ》ᠬᠦᠳᠡᠯᠭᠡᠭᠡᠨ ᠢ ᠪᠦᠲᠦᠬᠡᠵᠦ ᠂ ᠳᠤᠬᠠᠢ ᠶᠢᠨ ᠬᠦᠮᠦᠨ ᠢ ᠬᠠᠪᠰᠤᠷᠠᠬᠤ ᠰᠠᠭᠤᠷᠢ ᠮᠦᠩᠬᠦ ᠪᠠᠢᠭᠤᠯᠤᠨ ᠂ ᠦᠢᠯᠡᠴᠢᠯᠡᠭᠡᠨ ᠦ ᠪᠠᠢᠭᠤᠯᠤᠮᠵᠢ ᠶᠢ ᠲᠡᠭᠦᠯᠳᠡᠷᠵᠢᠬᠦᠯᠵᠦ ᠂ ᠦᠢᠯᠡᠴᠢᠯᠡᠭᠡᠨ ᠦ ᠴᠢᠨᠠᠷ ᠴᠢᠨᠰᠠᠭ᠎ᠠ ᠶᠢ ᠪᠠᠲᠤᠯᠠᠵᠤ ᠂ ᠡᠶ᠎ᠠ ᠵᠤᠬᠢᠴᠠᠯ ᠲᠠᠢ ᠤᠷᠴᠢᠨ ᠲᠤᠭᠤᠷᠢᠨ ᠢ ᠪᠦᠲᠦᠬᠡᠨ ᠪᠠᠢᠭᠤᠯᠤᠨ᠎ᠠ ᠃

《ᠲᠤᠯᠤᠭᠠᠨ ᠤᠷᠤᠨ ᠨᠢᠬᠡ ᠴᠤᠭᠴᠠ》 ᠰᠢᠬᠦᠬᠦ ᠬᠤᠷᠢᠶᠠᠨ ᠤ ᠰᠤᠶᠤᠯ ᠤᠨ ᠪᠦᠲᠦᠬᠡᠨ ᠪᠠᠢᠭᠤᠯᠤᠯᠲᠠ ᠶᠢ ᠬᠡᠷᠡᠭᠵᠢᠬᠦᠯᠬᠦ ᠪᠡᠷ ᠳᠠᠮᠵᠢᠵᠤ᠂ ᠰᠤᠶᠤᠯ ᠤᠨ ᠳᠤᠷᠠᠰᠢᠯ ᠢ ᠪᠦᠬᠦ ᠳᠠᠯ᠎ᠠ ᠪᠠᠷ ᠳᠡᠭᠡᠭᠰᠢᠯᠡᠬᠦᠯᠵᠦ ᠂ ᠰᠤᠶᠤᠯ ᠤᠨ ᠨᠡᠷᠡᠲᠦ ᠳᠡᠮᠳᠡᠭ ᠢ ᠡᠭᠦᠳᠴᠦ ᠂ ᠨᠡᠷᠡᠲᠦ ᠳᠡᠮᠳᠡᠭ ᠦᠨ ᠦᠢᠯᠡᠳᠦᠯ ᠢ ᠪᠠᠳᠠᠷᠠᠭᠤᠯᠵᠤ ᠂ ᠪᠤᠳᠠᠳᠤ ᠬᠦᠴᠦᠨ ᠲᠠᠢ ᠂ ᠴᠤᠭ ᠵᠢᠪᠬᠤᠭ᠎ᠠ ᠲᠠᠢ ᠂ ᠳᠠᠳᠠᠬᠤ ᠬᠦᠴᠦᠨ ᠲᠠᠢ ᠪᠤᠯᠪᠠᠰᠤᠨ ᠪᠠ ᠡᠶ᠎ᠠ ᠵᠤᠬᠢᠴᠠᠯᠲᠠᠢ ᠳ᠋ᠦᠩᠱᠧᠩ ᠢ ᠪᠦᠳᠦᠭᠡᠨ ᠪᠠᠢᠭᠤᠯᠬᠤ ᠳᠤ ᠴᠢᠩᠭ᠎ᠠ ᠬᠦᠴᠦᠲᠠᠢ ᠬᠠᠤᠯᠢ ᠶᠢᠨ ᠪᠠᠳᠤᠯᠭ᠎ᠠ ᠬᠠᠩᠭᠠᠬᠤ ᠶᠢᠨ ᠲᠦᠯᠦᠬᠡ ᠬᠠᠮᠳᠤᠪᠠᠷ ᠴᠢᠷᠮᠠᠢᠶ᠎ᠠ!

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )