ᠦᠭᠡ ᠶᠠᠷᠢᠶᠠᠨ ᠡᠴᠡ ᠮᠠᠷᠭᠤᠭᠠᠨ ᠡᠭᠦᠰᠴᠦ᠂ ᠡᠬᠡ ᠬᠡᠤᠬᠡᠨ ᠬᠣᠶᠠᠭᠤᠯᠠ ᠬᠠᠷᠠᠰᠠᠯᠲᠠᠢ ᠪᠡᠷ ᠬᠣᠣᠷᠯᠠᠭᠳᠠᠪᠠ
2014.03.26 ᠲᠣᠰ ᠥᠷᠲᠡᠭᠡᠨ ᠦ ᠨᠠᠢᠷᠠᠭᠤᠯᠤᠭᠴᠢ

    ᠪᠠᠢ ᠯᠢᠩ ᠨᠡᠢᠲᠡ  ᠶᠢᠨ ᠰᠠᠭᠤᠴᠠ ᠶᠢᠨ ᠬᠥᠮᠦᠨ ᠠᠯᠠᠭᠰᠠᠨ ᠶᠠᠷᠭᠠᠴᠢᠨ ᠨᠢᠭᠡᠳᠦᠭᠡᠷ ᠰᠢᠭᠦᠯᠲᠡ ᠳᠤ ᠠᠯᠠᠬᠤ ᠶᠠᠯ᠎ᠠ ᠪᠡᠷ ᠰᠢᠢᠳᠭᠡᠭᠳᠡᠪᠡ

                                                  ᠵᠣᠬᠢᠶᠠᠭᠴᠢ᠄ ᠡᠷᠡᠭᠦᠦ ᠨᠢᠭᠡᠳᠦᠭᠡᠷ ᠲᠢᠩᠬᠢᠮ  ᠤᠨ ᠰᠢᠶᠣᠣ ᠼᠢ ᠾᠧᠦ

     ᠣᠢᠷ᠎ᠠ ᠶᠢᠨ ᠡᠳᠦᠷ᠂ ᠨᠡᠢᠭᠡᠮ ᠤᠨ ᠡᠯ᠎ᠡ ᠡᠲᠡᠭᠡᠳ ᠤᠨ ᠠᠩᠬᠠᠷᠤᠯ ᠢ ᠳᠠᠲᠠᠭᠰᠠᠨ ᠪᠠᠢ ᠯᠢᠩ ᠨᠡᠢᠲᠡ  ᠶᠢᠨ ᠰᠠᠭᠤᠴᠠ ᠳᠤ ᠵᠣᠷᠢᠭᠤᠳᠠ ᠬᠥᠮᠦᠨ ᠠᠯᠠᠵᠤ᠂ ᠬᠤᠯᠤᠭᠠᠢᠯᠠᠭᠰᠠᠨ ᠬᠡᠷᠡᠭ ᠢ ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠳᠤ ᠨᠢᠭᠡᠳᠦᠭᠡᠷ ᠰᠢᠭᠦᠯᠲᠡ ᠬᠢᠵᠦ᠂ ᠵᠠᠭᠠᠯᠳᠤᠭᠳᠠᠭᠴᠢ ᠯᠢ ᠯᠢ ᠵᠣᠷᠢᠭᠤᠳᠠ ᠬᠥᠮᠦᠨ ᠠᠯᠠᠭᠰᠠᠨ ᠶᠠᠯ᠎ᠠ ᠪᠡᠷ ᠠᠯᠠᠬᠤ ᠡᠷᠡᠭᠦᠦ ᠪᠡᠷ ᠰᠢᠢᠳᠭᠡᠵᠦ᠂ ᠤᠯᠤᠰ ᠲᠥᠷᠦ ᠶᠢᠨ ᠡᠷᠬᠡ ᠵᠢ ᠨᠢ ᠨᠠᠰᠤᠨ ᠲᠤᠷᠰᠢᠳᠠ ᠬᠠᠰᠤᠪᠠ᠃ ᠬᠤᠯᠤᠭᠠᠢᠯᠠᠭᠰᠠᠨ ᠶᠠᠯ᠎ᠠ ᠪᠡᠷ ᠵᠢᠷᠭᠤᠭᠠᠨ ᠰᠠᠷ᠎ᠠ ᠬᠤᠭᠤᠴᠠᠭ᠎ᠠ ᠲᠠᠢ ᠬᠣᠷᠢᠵᠤ᠂  ᠵᠡᠷᠭᠡᠪᠡᠷ ᠠᠷᠠᠳ ᠤᠨ ᠵᠣᠭᠤᠰ ᠬᠤᠶᠠᠷ ᠮᠢᠩᠭᠠᠨ ᠲᠥᠭᠦᠷᠢᠭ ᠢᠶᠡᠷ ᠲᠣᠷᠭᠠᠪᠠ᠃ ᠠᠯᠠᠬᠤ ᠡᠷᠡᠭᠦᠦ ᠵᠢ ᠨᠢ ᠭᠦᠢᠴᠡᠳᠭᠡᠵᠦ᠂ ᠤᠯᠤᠰ ᠲᠥᠷᠦ ᠶᠢᠨ ᠡᠷᠬᠡ ᠵᠢ ᠨᠢ ᠨᠠᠰᠤᠨ ᠲᠤᠷᠰᠢᠳᠠ ᠬᠠᠰᠤᠵᠤ᠂ ᠵᠡᠷᠭᠡᠪᠡᠷ ᠠᠷᠠᠳ ᠤᠨ ᠵᠣᠭᠤᠰ ᠬᠤᠶᠠᠷ ᠮᠢᠩᠭᠠᠨ ᠲᠥᠭᠦᠷᠢᠭ ᠢᠶᠡᠷ ᠲᠣᠷᠭᠠᠵᠤ᠂ ᠡᠭᠦᠨ ᠤ ᠵᠡᠷᠭᠡᠪᠡᠷ ᠵᠠᠭᠠᠯᠳᠤᠭᠴᠢ ᠶᠢᠨ ᠳᠠᠭᠠᠯᠳᠤᠭᠤᠯᠤᠯ ᠢᠷᠭᠡᠨ ᠤ ᠬᠡᠷᠡᠭ ᠤᠨ ᠵᠠᠭᠠᠯᠳᠤᠯᠭ᠎ᠠ  ᠶᠢᠨ ᠡᠯ᠎ᠡ ᠲᠥᠷᠦᠯ ᠤᠨ ᠠᠵᠤ ᠠᠬᠤᠢ ᠶᠢᠨ ᠲᠥᠯᠦᠪᠦᠷᠢ67052 ᠲᠥᠭᠦᠷᠢᠭ ᠲᠥᠯᠦᠬᠦ  ᠪᠡᠷ ᠳᠤᠭᠲᠠᠪᠠ᠃

     ᠲᠤᠰ ᠬᠣᠷᠢᠶᠠᠨ ᠤ ᠪᠠᠢᠴᠠᠭᠠᠨ ᠲᠣᠳᠤᠯᠠᠭᠰᠠᠨ ᠢᠶᠡᠷ᠂2012 ᠣᠨ ᠤ10 ᠰᠠᠷ᠎ᠠ ᠶᠢᠨ16 ᠤᠨ ᠦᠳᠡ ᠶᠢᠨ ᠡᠮᠦᠨ᠎ᠡ ᠶᠢᠨ8 ᠴᠠᠭ ᠤᠨ ᠪᠠᠷᠤᠭ ᠢᠶᠡᠷ᠂ ᠵᠠᠭᠠᠯᠳᠤᠭᠳᠠᠭᠴᠢ ᠯᠢ  ᠯᠢ ᠤᠷᠢᠳᠠᠪᠡᠷ ᠪᠡᠯᠡᠳᠭᠡᠵᠦ ᠲᠠᠯᠪᠢᠭᠰᠠᠨ ᠳ᠋ᠠᠩ ᠢᠷᠲᠦ ᠬᠢᠲᠤᠭ᠎ᠠ᠂ ᠬᠡᠷᠡᠭ ᠬᠢᠬᠦ ᠳᠤ ᠵᠡᠭᠦᠬᠦ ᠮᠠᠯᠠᠭᠠᠢ ᠵᠡᠷᠭᠡ ᠪᠡᠨ ᠠᠪᠴᠦ ᠲᠡᠭᠦᠨ ᠤ ᠰᠠᠭᠤᠵᠤ ᠪᠠᠢᠭᠰᠠᠨ ᠪᠠᠭᠤᠳᠠᠯ( ᠳ᠋ᠦᠩᠱᠸᠩ ᠲᠣᠭᠤᠷᠢᠭ ᠤᠨ ᠵᠢᠯᠤᠭᠤᠴᠢᠨ ᠡᠮᠦᠨ᠎ᠡ ᠵᠠᠮ ᠤᠨ7  ᠨᠤᠮᠸᠷ ᠵᠡᠭᠡᠯᠢ ᠶᠢᠨ60 ᠳ᠋ᠤᠭᠠᠷ)  ᠡᠴᠡ ᠭᠠᠷᠴᠤ᠂ ᠵᠠᠰᠠᠮᠠᠯ ᠵᠠᠮ ᠢ ᠬᠦᠨᠳᠦᠯᠡᠨ ᠬᠡᠲᠦᠯᠡᠨ ᠳ᠋ᠦᠩᠱᠸᠩ ᠲᠣᠭᠤᠷᠢᠭ ᠤᠨ ᠭᠠᠯᠲᠤ ᠲᠡᠷᠭᠡᠨ ᠤ ᠥᠷᠲᠡᠭᠡᠨ  ᠤ ᠣᠷᠴᠢᠮ ᠤᠨ ᠨᠡᠢᠲᠠ ᠶᠢᠨ ᠮᠠᠰᠢᠨ ᠤ ᠵᠣᠭᠰᠤᠭᠠᠯ ᠳᠤ ᠬᠦᠷᠴᠦ ᠢᠷᠡᠨ11  ᠳ᠋ᠤᠭᠠᠷ ᠵᠠᠮ ᠤᠨ ᠨᠡᠢᠲᠡ ᠶᠢᠨ ᠮᠠᠰᠢᠨ ᠳᠤ ᠰᠠᠭᠤᠨ ᠳ᠋ᠦᠩᠱᠸᠩ ᠲᠣᠭᠤᠷᠢᠭ ᠤᠨ ᠬᠤᠸᠠ ᠶᠠᠨ ᠳᠤᠮᠳᠠᠳᠤ ᠰᠤᠷᠭᠠᠭᠤᠯᠢ ᠶᠢᠨ ᠣᠷᠴᠢᠮ ᠲᠡᠷᠭᠡᠨ ᠡᠴᠡ ᠪᠠᠭᠤᠵᠤ᠂ ᠪᠡᠯᠡᠳᠭᠡᠭᠰᠡᠨ ᠮᠠᠯᠠᠭᠠᠢ ᠪᠡᠨ ᠵᠡᠭᠦᠨ3 ᠳ᠋ᠤᠭᠠᠷ ᠵᠠᠮ ᠤᠨ ᠨᠡᠢᠲᠡ ᠶᠢᠨ ᠮᠠᠰᠢᠨ  ᠳᠤ ᠰᠣᠯᠢᠵᠤ ᠰᠠᠭᠤᠨ ᠤᠷᠢᠳᠠᠪᠡᠷ ᠦᠵᠡᠵᠦ ᠲᠠᠯᠪᠢᠭᠰᠠᠨ ᠬᠡᠷᠡᠭ ᠬᠢᠬᠦ ᠭᠠᠵᠠᠷ—ᠳ᠋ᠦᠩᠱᠸᠩ ᠲᠣᠭᠤᠷᠢᠭ ᠤᠨ ᠪᠠᠢ ᠯᠢᠩ ᠨᠡᠢᠲᠡ  ᠶᠢᠨ ᠰᠠᠭᠤᠴᠠ ᠳᠤ ᠬᠦᠷᠴᠦ ᠢᠷᠡᠪᠡ᠃ ᠲᠤᠰ ᠲᠣᠭᠤᠷᠢᠭ ᠲᠤ ᠢᠷᠡᠭᠰᠡᠨ ᠤ ᠳᠠᠷᠠᠭ᠎ᠠ᠂  ᠵᠠᠭᠠᠯᠳᠤᠭᠳᠠᠭᠴᠢ ᠯᠢ ᠯᠢ   ᠳᠣᠬᠢᠶᠠᠯ ᠡᠷᠢᠨ ᠨᠢᠭᠡ ᠰᠠᠭᠤᠷᠢ ᠥᠨᠳᠦᠷ ᠠᠰᠠᠷ ᠲᠤ ᠣᠷᠤᠨ ᠬᠡᠷᠡᠭ ᠬᠢᠬᠦ ᠪᠡᠷ ᠪᠡᠯᠡᠳᠭᠡᠵᠦ᠂ ᠨᠢᠭᠡ ᠨᠢᠭᠡᠴᠢ  ᠶᠢᠨ ᠠᠰᠠᠷ ᠤᠨ ᠡᠭᠦᠳᠡ ᠪᠡᠷ ᠬᠥᠮᠦᠨ ᠭᠠᠷᠴᠦ ᠢᠷᠡᠭᠰᠡᠨ ᠢ ᠮᠡᠳᠡᠵᠦ᠂ ᠣᠴᠢᠵᠤ ᠳᠠᠲᠠᠵᠤ ᠦᠵᠡᠬᠦ ᠳᠤ ᠨᠢᠭᠡᠨᠲᠡ ᠣᠨᠢᠰᠤᠯᠠᠭᠰᠠᠨ ᠪᠠᠢᠪᠠ᠃ ᠵᠠᠭᠠᠯᠳᠤᠭᠳᠠᠭᠴᠢ ᠲᠠᠬᠢᠨ ᠲᠤᠰ ᠲᠣᠭᠤᠷᠢᠭ ᠤᠨ1 ᠨᠤᠮᠸᠷᠲᠤ ᠠᠰᠠᠷ ᠤᠨ ᠳᠣᠣᠷ᠎ᠠ ᠢᠷᠡᠨ᠂1 ᠨᠤᠮᠸᠷᠲᠤ ᠠᠰᠠᠷB ᠲᠣᠭᠤᠷᠢᠭ ᠤᠨ ᠬᠣᠢᠰᠢ ᠬᠠᠨᠳᠤᠭᠰᠠᠨ ᠡᠭᠦᠳᠡᠡ ᠨᠦᠬᠡ ᠪᠡᠷ ᠣᠷᠤᠨ ᠬᠣᠶᠠᠳᠤᠭᠠᠷ ᠳᠠᠪᠬᠤᠷᠭ᠎ᠠ ᠳᠤ ᠭᠠᠷᠤᠨ7 ᠳ᠋ᠤᠭᠠᠷ ᠨᠢᠭᠡᠴᠢ ᠶᠢᠨ617 ᠡᠷᠦᠬᠡ ᠶᠢᠨ ᠡᠭᠦᠳᠡᠨ ᠳᠤ ᠢᠷᠡᠨ ᠠᠳᠠᠯ ᠶᠠᠪᠤᠳᠠᠯ ᠤᠨ ᠺᠣᠮᠫᠠᠨᠢ  ᠶᠢᠨ ᠬᠥᠮᠦᠨ ᠢᠶᠡᠷ ᠣᠪᠯᠠᠨ ᠳᠤᠯᠠᠭᠠᠮᠵᠢ ᠶᠢᠨ ᠪᠠᠢᠳᠠᠯ ᠢ ᠪᠠᠢᠴᠠᠭᠠᠬᠤ ᠨᠡᠷ᠎ᠡ ᠪᠡᠷ ᠬᠣᠣᠷᠯᠠᠭᠳᠠᠭᠴᠢ ᠰᠢᠦᠢ ᠣᠪᠤᠭᠲᠤ ᠶᠢᠨ ᠭᠡᠷ ᠲᠤ ᠣᠷᠤᠨ᠂  ᠪᠡᠶ᠎ᠡ ᠳᠤ ᠪᠡᠨ ᠠᠪᠴᠤ ᠶᠠᠪᠤᠵᠤ ᠪᠠᠢᠭᠰᠠᠨ ᠬᠢᠲᠤᠭ᠎ᠠ ᠪᠡᠷ ᠢᠶᠡᠨ ᠰᠢᠦᠢ ᠣᠪᠤᠭᠲᠤ ᠪᠠ ᠲᠡᠭᠦᠨ ᠤ ᠳᠥᠷᠪᠡᠨ ᠨᠠᠰᠤᠲᠠᠢ ᠥᠬᠢᠨ ᠼᠦᠢ ᠣᠪᠤᠭᠲᠤ ᠶᠢᠨ ᠥᠷᠦᠭᠡᠨ ᠳᠤ ᠨᠢ ᠠᠯᠠᠵᠤ ᠰᠢᠦᠢ ᠣᠪᠤᠭᠲᠤ ᠶᠢᠨ ᠵᠡᠭᠦᠵᠦ ᠪᠠᠢᠭᠰᠠᠨ ᠬᠠᠩᠰᠢ ᠨᠢ ᠠᠷᠠᠳ ᠤᠨ ᠵᠣᠭᠤᠰ ᠢᠶᠡᠷ3363 ᠲᠥᠭᠦᠷᠢᠭ ᠪᠣᠯᠬᠤ ᠠᠯᠲᠠᠨ ᠰᠣᠨᠳᠤᠷ ᠢ ᠬᠣᠯᠭᠤᠨ ᠠᠪᠴᠤ ᠲᠤᠬᠠᠢ ᠶᠢᠨ ᠲᠠᠯᠠᠪᠤᠷ ᠡᠴᠡ ᠳᠤᠲᠠᠭᠠᠨ ᠶᠠᠪᠤᠪᠠ᠃ ᠬᠠᠤᠯᠢ ᠶᠢᠨ ᠡᠮᠴᠢ ᠶᠢᠨ ᠲᠣᠳᠤᠯᠠᠭᠰᠠᠨ ᠢᠶᠡᠷ᠂ ᠬᠣᠣᠷᠯᠠᠭᠳᠠᠭᠴᠢ ᠰᠢᠦᠢ ᠣᠪᠤᠭᠲᠤ  ᠳ᠋ᠠᠩ ᠢᠷᠲᠦ ᠮᠡᠰᠡ ᠪᠡᠷ ᠪᠡᠶ᠎ᠠ ᠶᠢᠨ ᠤᠯᠠᠨ ᠭᠠᠵᠠᠷ ᠲᠤ ᠨᠢ ᠰᠢᠷᠬ᠎ᠠ  ᠤᠨᠯᠵᠤ᠂ ᠰᠢᠷᠬᠠᠳᠤᠯ ᠤᠨ ᠴᠢᠨᠠᠷᠲᠠᠢ  ᠱᠤᠺ ᠡᠴᠡ ᠪᠣᠯᠵᠤ ᠦᠬᠦᠪᠡ᠃ ᠬᠣᠣᠷᠯᠠᠭᠳᠠᠭᠴᠢ ᠴᠢᠦᠢ ᠣᠪᠤᠭᠲᠤ ᠶᠢᠨ ᠬᠦᠵᠦᠭᠦᠦ ᠶᠢᠨ ᠬᠡᠰᠡᠭ ᠨᠢ ᠬᠦᠳᠡᠭᠢ ᠴᠢᠨᠠᠷᠲᠠᠢ ᠭᠠᠳᠠᠭᠠᠳᠤ ᠬᠦᠴᠦᠨ ᠤ ᠦᠢᠯᠡᠴᠢᠯᠡᠯ ᠢ ᠬᠦᠯᠢᠶᠡᠵᠦ᠂ ᠮᠸᠬᠠᠨᠢᠭ ᠴᠢᠨᠠᠷᠲᠠᠢ ᠪᠥᠳᠡᠯᠲᠡ ᠡᠭᠦᠰᠦᠭᠰᠠᠨ ᠤ ᠳᠠᠷᠠᠭ᠎ᠠ ᠬᠦᠵᠦᠭᠦᠦ ᠵᠢ ᠨᠢ ᠤᠭᠲᠤᠯᠠᠨ᠂ ᠬᠦᠵᠦᠭᠦᠨ ᠤ ᠨᠠᠮᠵᠢᠭᠤᠨ ᠰᠤᠳᠠᠯ ᠨᠢ ᠳᠠᠭᠠᠷᠢᠭᠳᠠᠵᠤ ᠶᠡᠬᠡ ᠴᠢᠰᠤ ᠭᠠᠷᠤᠭᠰᠠᠨ ᠡᠴᠡ ᠦᠬᠦᠪᠡ᠃ ᠵᠠᠭᠠᠯᠳᠤᠭᠳᠠᠭᠴᠢ ᠯᠢ ᠯᠢ2012 ᠣᠨ ᠤ11 ᠰᠠᠷ᠎ᠠ ᠶᠢᠨ12 ᠤ ᠡᠳᠦᠷ ᠱᠠᠨᠰᠢ ᠮᠤᠵᠢ ᠶᠢᠨ  ᠱᠸᠨ ᠮᠦ ᠰᠢᠶᠠᠨ ᠤ ᠨᠢᠭᠡ ᠪᠠᠭᠤᠳᠠᠯ ᠳᠤ ᠳᠣᠲᠤᠭᠠᠳᠤ ᠵᠢ ᠬᠠᠮᠠᠭᠠᠯᠠᠬᠤ ᠳᠤ ᠪᠠᠷᠢᠪᠴᠢᠯᠠᠭᠳᠠᠪᠠ᠃

     ᠠᠰᠳᠠᠭᠠᠨ ᠪᠠᠰᠠ ᠪᠠᠢᠴᠠᠭᠠᠨ ᠲᠣᠳᠤᠯᠠᠭᠰᠠᠨ ᠨᠢ᠂ ᠵᠠᠭᠠᠯᠳᠤᠭᠳᠠᠭᠴᠢ ᠯᠢ ᠯᠢ ᠬᠤᠯᠤᠭᠠᠢᠯᠠᠭᠰᠠᠨ ᠶᠠᠯ᠎ᠠ ᠪᠡᠷ1993 ᠣᠨ ᠤ3 ᠰᠠᠷ᠎ᠠ ᠶᠢᠨ26 ᠤ ᠡᠳᠦᠷ  ᠹᠦᠵᠢᠶᠠᠨ ᠮᠤᠵᠢ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠳᠤ ᠬᠤᠭᠤᠴᠠᠭ᠎ᠠ ᠦᠭᠡᠢ ᠬᠣᠷᠢᠬᠤ ᠪᠡᠷ ᠰᠢᠢᠳᠭᠡᠭᠳᠡᠵᠦ᠂2011 ᠣᠨ ᠤ10 ᠰᠠᠷ᠎ᠠ ᠶᠢᠨ23 ᠤ ᠡᠳᠦᠷ ᠶᠠᠯ᠎ᠠ ᠶᠢᠨ ᠬᠤᠭᠤᠴᠠᠭ᠎ᠠ ᠳᠡᠭᠦᠷᠴᠦ ᠰᠤᠯᠤᠯᠠᠭᠳᠠᠨ᠂ ᠳᠠᠬᠢᠨ ᠶᠠᠯ᠎ᠠ ᠬᠢᠭᠰᠡᠨ ᠳᠤ ᠲᠣᠭᠠᠴᠠᠨ᠎ᠠ᠃

       ᠵᠠᠭᠠᠯᠳᠤᠭᠳᠠᠭᠴᠢ ᠯᠢ ᠯᠢ ᠶᠢᠨ ᠶᠠᠯᠠᠲᠤ ᠠᠵᠢᠯᠠᠯᠭ᠎ᠠ ᠨᠢ ᠢᠷᠭᠡᠨ ᠤ ᠬᠡᠷᠡᠭ ᠤᠨ ᠵᠠᠭᠠᠯᠳᠤᠭᠴᠢ ᠳᠤ ᠠᠵᠤ ᠠᠬᠤᠢ ᠶᠢᠨ ᠬᠣᠬᠢᠷᠠᠯ67052 ᠲᠦᠮᠡᠨ ᠲᠥᠭᠦᠷᠢᠭ ᠤᠴᠠᠷᠠᠭᠤᠯᠪᠠ᠃

        ᠲᠤᠰ ᠬᠣᠷᠢᠶ᠎ᠠ ᠰᠢᠭᠦᠨ ᠪᠠᠢᠴᠠᠭᠠᠭᠰᠠᠨ ᠤ ᠳᠠᠷᠠᠭ᠎ᠠ ᠦᠵᠡᠬᠦ ᠪᠡᠷ᠂ ᠵᠠᠭᠠᠯᠳᠤᠭᠳᠠᠭᠴᠢ ᠯᠢ ᠯᠢ ᠢᠷᠭᠡᠨ ᠤ ᠦᠢᠯᠡ ᠠᠵᠢᠯᠠᠯᠭᠠᠨ ᠤ ᠪᠦᠷᠢᠨ ᠴᠢᠳᠠᠪᠤᠷᠢᠲᠠᠢ ᠬᠥᠮᠦᠨ ᠪᠠᠢᠵᠤ᠂ ᠬᠢᠲᠤᠭ᠎ᠠ  ᠪᠡᠷ ᠬᠥᠮᠦᠨ ᠢ ᠪᠦᠯᠢᠪᠡᠯ ᠠᠨᠮᠢ ᠵᠢ ᠨᠢ ᠠᠪᠬᠤ ᠵᠢ ᠮᠡᠳᠡᠵᠦ ᠪᠠᠢᠭᠠᠳ ᠵᠣᠷᠢᠭᠤᠳᠠ ᠪᠡᠷ ᠲᠤᠰ ᠦᠢᠯᠡ ᠠᠵᠢᠯᠠᠯᠭ᠎ᠠ ᠵᠢ ᠬᠢᠵᠦ᠂ ᠬᠤᠶᠠᠷ ᠬᠥᠮᠦᠨ  ᠤ ᠠᠮᠢ ᠵᠢ ᠨᠢ ᠬᠤᠷᠭᠠᠵᠤ᠂ ᠲᠡᠭᠦᠨ ᠤ ᠦᠢᠯᠡ ᠠᠵᠢᠯᠠᠯᠭ᠎ᠠ ᠨᠢ ᠨᠢᠭᠡᠨᠲᠡ ᠵᠣᠷᠢᠭᠤᠳᠠ ᠪᠡᠷ ᠬᠥᠮᠦᠨ ᠠᠯᠠᠭᠰᠠᠨ ᠶᠠᠯ᠎ᠠ ᠳᠤ ᠬᠦᠷᠴᠦ᠂ ᠶᠠᠯ᠎ᠠ  ᠶᠢᠨ ᠠᠵᠢᠯᠠᠯᠭ᠎ᠠ ᠨᠢ ᠲᠤᠢᠯ ᠤᠨ ᠵᠢᠭᠰᠢᠭᠦᠷᠢᠲᠠᠢ᠂ ᠠᠷᠭ᠎ᠠ ᠪᠠᠷᠢᠯ ᠨᠢ ᠲᠤᠢᠯ ᠤᠨ ᠬᠠᠷᠠᠰᠠᠯᠲᠠᠢ᠂ ᠦᠷ᠎ᠡ ᠳ᠋ᠦᠩ ᠨᠢ ᠲᠤᠢᠯ ᠤᠨ ᠬᠦᠨᠳᠦ ᠨᠤᠴᠤᠲᠠᠢ᠂  ᠨᠡᠢᠭᠡᠮ ᠤᠨ ᠬᠣᠬᠢᠷᠠᠯ ᠲᠤᠢᠯ ᠤ ᠶᠡᠬᠡ  ᠪᠠᠢᠵᠤ ᠬᠦᠨᠳᠦ ᠪᠡᠷ ᠰᠢᠢᠳᠭᠡᠪᠡᠯ  ᠵᠣᠬᠢᠨ᠎ᠠ᠃ ᠵᠠᠭᠠᠯᠳᠤᠭᠳᠠᠭᠴᠢ ᠯᠢ ᠯᠢ ᠬᠠᠤᠯᠢ ᠪᠤᠰᠤ ᠪᠡᠷ ᠡᠵᠡᠮᠳᠡᠬᠦ ᠪᠡᠷ ᠬᠠᠷᠠᠯᠲᠠ ᠪᠣᠯᠭᠠᠨ᠂ ᠬᠥᠮᠦᠨ ᠠᠯᠠᠭᠰᠠᠨ ᠤ ᠳᠠᠷᠠᠭ᠎ᠠ ᠬᠣᠣᠷᠯᠠᠭᠳᠠᠭᠴᠢ  ᠰᠢᠦᠢ ᠣᠪᠤᠭᠲᠤ ᠶᠢᠨ ᠥᠩᠭᠡᠲᠦ ᠲᠡᠮᠦᠷᠯᠢᠭ ᠤᠨ ᠰᠣᠨᠳᠤᠷ ᠢ ᠬᠤᠯᠤᠭᠠᠢᠯᠠᠨ᠂ ᠲᠣᠭ᠎ᠠ ᠬᠡᠮᠵᠢᠶ᠎ᠡ ᠨᠢ ᠨᠡᠯᠢᠶᠡᠳ ᠶᠡᠬᠡ ᠪᠠᠢᠵᠤ ᠲᠡᠭᠦᠨ ᠤ ᠦᠢᠯᠡ ᠠᠵᠢᠯᠠᠯᠭ᠎ᠠ ᠨᠢ ᠨᠢᠭᠡᠨᠲᠡ ᠬᠤᠯᠤᠭᠠᠢᠯᠠᠭᠰᠠᠨ ᠶᠠᠯ᠎ᠠ ᠳᠤ ᠬᠦᠷᠴᠦ᠂ ᠤᠯᠠᠨ ᠶᠠᠯ᠎ᠠ ᠵᠢ ᠵᠡᠷᠭᠡᠴᠡᠭᠦᠯᠦᠨ ᠰᠢᠢᠳᠭᠡᠪᠡᠯ ᠵᠣᠬᠢᠨ᠎ᠠ᠃ ᠵᠠᠭᠠᠯᠳᠤᠭᠳᠠᠭᠴᠢ ᠯᠢ ᠯᠢ ᠬᠤᠯᠤᠭᠠᠢᠯᠠᠭᠰᠠᠨ ᠶᠠᠯ᠎ᠠ ᠤᠨ ᠬᠤᠭᠤᠴᠠᠭ᠎ᠠ ᠨᠢ ᠭᠦᠢᠴᠡᠭᠰᠡᠨ ᠤ ᠳᠠᠷᠠᠭ᠎ᠠ ᠲᠠᠪᠤᠨ ᠵᠢᠯ ᠤ ᠳᠣᠲᠤᠷ᠎ᠠ ᠲᠠᠬᠢᠨ ᠬᠤᠭᠤᠴᠠᠭ᠎ᠠ ᠲᠠᠢ ᠬᠣᠷᠢᠬᠤ ᠶᠠᠯ᠎ᠠ ᠡᠴᠡ ᠳᠡᠭᠡᠭᠰᠢ ᠰᠢᠢᠳᠭᠡᠯ ᠲᠠᠢ ᠶᠠᠯ᠎ᠠ ᠬᠢᠪᠡᠯ᠂ ᠳᠠᠪᠬᠤᠷ ᠶᠠᠯ᠎ᠠ ᠬᠢᠭᠰᠡᠨ ᠳᠤ ᠲᠣᠭᠠᠴᠠᠵᠤ᠂ ᠬᠦᠨᠳᠦ ᠪᠡᠷ ᠰᠢᠢᠳᠭᠡᠪᠡᠯ ᠵᠣᠬᠢᠨ᠎ᠠ᠃《 ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ 》 ᠶᠢᠨ ᠬᠤᠶᠠᠷ ᠵᠠᠭᠤ ᠭᠤᠴᠢᠨ ᠬᠣᠶᠠᠳᠤᠭᠠᠷ ᠵᠤᠷᠪᠤᠰ᠂ ᠬᠤᠶᠠᠷ ᠵᠠᠭᠤ ᠵᠢᠷᠠᠨ ᠳᠥᠷᠪᠡᠳᠦᠭᠡᠷ ᠵᠤᠷᠪᠤᠰ᠂ ᠭᠤᠴᠢᠨ ᠵᠢᠷᠭᠤᠳᠤᠭᠠᠷ ᠵᠤᠷᠪᠤᠰ ᠤᠨ ᠨᠢᠭᠡᠳᠦᠭᠡᠷ ᠵᠦᠢᠯ᠂ ᠳᠥᠴᠢᠨ ᠨᠠᠢ᠍ᠮᠠᠳᠤᠭᠠᠷ ᠵᠤᠷᠪᠤᠰ᠂ ᠲᠠᠪᠢᠨ ᠳᠣᠯᠤᠳᠤᠭᠠᠷ ᠵᠤᠷᠪᠤᠰ᠂ ᠵᠢᠷᠠᠨ ᠳᠥᠷᠪᠡᠳᠦᠭᠡᠷ ᠵᠤᠷᠪᠤᠰ᠂ ᠵᠢᠷᠠᠨ ᠲᠠᠪᠤᠳᠤᠭᠠᠷ ᠵᠤᠷᠪᠤᠰ ᠤᠨ ᠨᠢᠭᠡᠳᠦᠭᠡᠷ ᠵᠦᠢᠯ᠂ ᠵᠢᠷᠠ ᠶᠢᠰᠦᠳᠦᠭᠡᠷ ᠵᠤᠷᠪᠤᠰ ᠤᠨ ᠳᠤᠭᠲᠠᠭᠠᠯ ᠂ ᠠᠷᠠᠳ ᠤᠨ ᠳᠡᠭᠡᠳᠦ ᠵᠡᠷᠭᠡ  ᠶᠢᠨ ᠰᠢᠭᠦᠬᠦ ᠬᠣᠷᠢᠶᠠᠨ ᠤ《 ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠡᠷᠡᠭ ᠤᠨ ᠵᠠᠭᠠᠯᠳᠤᠯᠭ᠎ᠠ ᠶᠢᠨ ᠬᠠᠤᠯᠢ》 ᠶᠢᠨ ᠲᠠᠢᠯᠪᠤᠷᠢ  ᠶᠢᠨ ᠵᠠᠭᠤ ᠲᠠᠪᠢᠨ ᠲᠠᠪᠤᠳᠤᠭᠠᠷ ᠵᠤᠷᠪᠤᠰ ᠤᠨ ᠨᠢᠭᠡᠳᠦᠭᠡᠷ ᠵᠦᠢᠯ᠂ ᠬᠣᠶᠠᠳᠤᠭᠠᠷ ᠵᠦᠢᠯ  ᠤᠨ ᠳᠤᠭᠲᠠᠭᠠᠯ ᠢ ᠦᠨᠳᠦᠰᠦᠯᠡᠨ᠂ ᠳᠡᠭᠡᠷᠡᠬᠢ ᠰᠢᠭᠦᠨ ᠳᠠᠰᠤᠯᠠᠯᠲᠠ  ᠢ ᠭᠠᠷᠭᠠᠪᠠ᠃

      ᠰᠢᠭᠦᠨ ᠳᠠᠰᠤᠯᠠᠯᠲᠠ ᠵᠢ ᠨᠡᠢᠲᠡᠯᠡᠭᠰᠡᠨ ᠤ ᠳᠠᠷᠠᠭ᠎ᠠ᠂ ᠵᠠᠭᠠᠯᠳᠤᠭᠳᠠᠭᠴᠢ ᠯᠢ ᠯᠢ ᠳᠡᠭᠡᠭᠰᠢ ᠵᠠᠭᠠᠯᠳᠤᠬᠤ ᠪᠡᠷ᠎ ᠳᠤᠷᠠᠳᠴᠤ᠂  ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠠᠷᠠᠳ ᠤᠨ ᠥᠨᠳᠦᠷ ᠵᠡᠷᠭᠡ ᠶᠢᠨ ᠰᠢᠭᠦᠬᠦ ᠬᠣᠷᠢᠶᠠᠨ ᠳᠤ ᠡᠴᠡ ᠰᠢᠭᠦᠨ ᠰᠢᠢᠳᠪᠦᠷᠢᠯᠡᠵᠦ ᠪᠠᠢᠨ᠎ᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )