ᠫᠸᠢ ᠣᠪᠤᠭᠲᠤ ᠶᠢᠨ ᠱᠠᠮᠰᠢᠭᠰᠠᠨ ᠶᠠᠯ᠎ᠠ ᠳᠤ ᠡᠷᠡᠭᠦᠦ ᠰᠢᠢᠳᠭᠡᠯ ᠢ ᠨᠢ ᠠᠯᠭᠤᠷᠯᠠᠬᠤ ᠵᠢ ᠬᠡᠷᠡᠭᠯᠡᠬᠦ ᠬᠡᠷᠡᠭ ᠤᠨ ᠲᠤᠬᠠᠢ
2009.05.22 ᠲᠣᠰ ᠥᠷᠲᠡᠭᠡᠨ ᠦ ᠨᠠᠢᠷᠠᠭᠤᠯᠤᠭᠴᠢ

【 ᠴᠢᠬᠤᠯᠠ ᠴᠢᠭ ᠤᠨ ᠰᠠᠨᠠᠭᠤᠯᠠᠮᠵᠢ】

    ᠲᠤᠰ ᠬᠡᠷᠡᠭ ᠨᠢ ᠡᠷᠡᠭᠦᠦ ᠵᠢ ᠠᠯᠭᠤᠷᠯᠠᠬᠤ ᠵᠢ ᠬᠡᠷᠬᠢᠨ ᠬᠡᠷᠡᠭᠯᠡᠬᠦ᠂ ᠶᠠᠯᠠᠲᠤ ᠠᠵᠢᠯᠠᠯᠭ᠎ᠠ ᠲᠠᠢ ᠨᠢ ᠳᠣᠭᠢᠷᠠᠭᠰᠠᠨ ᠡᠷᠡᠭᠦᠦ ᠶᠢᠨ ᠬᠠᠤᠯᠢ ᠢ ᠨᠢ ᠬᠡᠷᠬᠢᠨ ᠲᠤᠤᠱᠯᠠᠭᠤᠯᠬᠤ ᠪᠣᠯᠤᠨ ᠠᠭᠤᠳᠠᠮᠴᠢ ᠴᠢᠩᠭ᠎ᠠ ᠨᠢ ᠵᠣᠬᠢᠷᠠᠭᠰᠠᠨ ᠡᠷᠡᠭᠦᠦ ᠶᠢᠨ ᠬᠡᠷᠡᠭ ᠤᠨ ᠲᠥᠷᠦ ᠶᠢᠨ ᠪᠣᠳᠤᠯᠭ᠎ᠠ ᠵᠢ ᠬᠡᠷᠬᠢᠨ ᠲᠤᠤᠱᠯᠠᠭᠤᠯᠬᠤ᠂ ᠬᠠᠤᠯᠢ ᠴᠠᠭᠠᠵᠠ ᠶᠢᠨ ᠦᠷ᠎ᠡ ᠪᠦᠲᠦᠭᠡᠯ ᠪᠣᠯᠤᠨ ᠨᠡᠢᠭᠡᠮ  ᠤᠨ ᠦᠷ᠎ᠡ ᠪᠦᠲᠦᠭᠡᠯ ᠤᠨ ᠨᠢᠭᠡᠲᠦᠯᠲᠠᠢ ᠪᠣᠯᠭᠠᠬᠤ ᠳᠤ ᠵᠣᠬᠢᠬᠤ ᠯᠠᠪᠯᠠᠯᠲᠠ ᠶᠢᠨ ᠥᠷᠲᠡᠭ ᠲᠠᠢ᠃

【 ᠬᠡᠷᠡᠭ ᠤᠨ ᠬᠡᠯᠬᠢᠶᠡᠰᠦ】

  ᠥᠪᠦᠷ ᠮᠣᠩᠭᠤᠯ  ᠤᠨ ᠥᠪᠡᠷᠲᠡᠭᠡᠨ ᠵᠠᠰᠠᠬᠤ ᠣᠷᠤᠨ ᠤ ᠬᠠᠩᠬᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ ᠡᠷᠡᠭᠦᠦ  ᠶᠢᠨ ᠬᠡᠷᠡᠭ ᠤᠨ ᠰᠢᠭᠦᠨ ᠳᠠᠰᠤᠯᠠᠯᠲᠠ ᠶᠢᠨ ᠪᠢᠴᠢᠭ᠌᠃

【 ᠬᠡᠷᠡᠭ ᠤᠨ ᠪᠠᠢᠳᠠᠯ】

    ᠵᠠᠭᠠᠯᠳᠤᠭᠳᠠᠭᠴᠢ ᠫᠸᠢ ᠣᠪᠤᠭᠲᠤ᠂ ᠲᠤᠰ ᠬᠡᠷᠡᠭ ᠡᠴᠡ ᠪᠣᠯᠵᠤ2008 ᠣᠨ ᠤ12 ᠰᠠᠷ᠎ᠠ ᠶᠢᠨ26 ᠤ ᠡᠳᠦᠷ ᠬᠠᠩᠬᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠡᠴᠡ ᠪᠠᠲᠤᠯᠠᠭ᠎ᠠ ᠠᠪᠴᠤ ᠰᠢᠭᠦᠯᠲᠡ ᠬᠦᠯᠢᠶᠡᠯᠭᠡᠪᠡ᠃ ᠲᠤᠰ ᠬᠣᠷᠢᠶ᠎ᠠ2009 ᠣᠨ ᠤ1 ᠰᠠᠷ᠎ᠠ ᠶᠢᠨ21 ᠤ ᠡᠳᠦᠷ ᠲᠠᠬᠢᠨ ᠪᠠᠲᠤᠯᠠᠭ᠎ᠠ ᠠᠪᠤᠨ ᠰᠢᠭᠦᠯᠲᠡ ᠬᠦᠯᠢᠶᠡᠯᠭᠡᠬᠦ ᠭᠦᠢᠴᠡᠳᠭᠡᠯ ᠬᠢᠪᠡ᠃

    2007 ᠣᠨ ᠳᠤ ᠶᠦᠩ ᠰᠢᠩ ᠲᠣᠰᠭᠤᠨ ᠤ ᠨᠡᠭᠦᠷᠡᠰᠦᠨ ᠤ ᠨᠥᠬᠦᠪᠦᠷᠢ ᠶᠢᠨ ᠨᠡᠷ᠎ᠡ ᠵᠢ ᠳᠡᠭᠡᠭᠰᠢ ᠮᠡᠳᠡᠭᠦᠯᠬᠦ ᠦᠶᠡᠰ᠂  ᠫᠸᠢ ᠣᠪᠤᠭᠲᠤ ᠡᠴᠡ ᠲᠤᠰ ᠲᠣᠰᠭᠤᠨ ᠤ ᠨᠥᠭᠴᠡᠰᠡᠳ ᠪᠠ ᠭᠠᠳᠠᠭᠰᠢ ᠭᠠᠷᠤᠭᠰᠠᠨ ᠬᠥᠮᠦᠨ ᠤ ᠨᠡᠷ᠎ᠡ ᠪᠡᠷ ᠨᠡᠢᠲᠡ32  ᠨᠡᠷ᠎ᠡ ᠨᠥᠬᠦᠪᠦᠷᠢ ᠶᠢᠨ ᠨᠡᠷ᠎ᠡ ᠵᠢ ᠳᠡᠭᠡᠭᠰᠢ ᠬᠠᠭᠤᠷᠮᠠᠭ ᠮᠡᠳᠡᠭᠦᠯᠵᠦ᠂  ᠲᠤᠬᠠᠢ ᠶᠢᠨ  ᠦᠶ᠎ᠡ ᠶᠢᠨ ᠨᠥᠬᠦᠪᠦᠷᠢ ᠶᠢᠨ ᠪᠠᠷᠢᠮᠵᠢᠶ᠎ᠠ ᠬᠥᠮᠦᠨ ᠪᠦᠷᠢ100 ᠲᠥᠭᠦᠷᠢᠭ᠂ ᠨᠡᠢᠲᠡ3200 ᠲᠥᠭᠦᠷᠢᠭ ᠢ ᠬᠠᠭᠤᠷᠮᠠᠭ ᠮᠡᠳᠡᠭᠦᠯᠵᠦ᠂ ᠲᠤᠰ ᠵᠣᠭᠤᠰ ᠨᠢ ᠪᠠᠭᠤᠵᠤ ᠢᠷᠡᠭᠰᠡᠨ ᠤ ᠳᠠᠷᠠᠭ᠎ᠠ ᠫᠸᠢ ᠣᠪᠤᠭᠲᠤ ᠥᠪᠡᠷ ᠤᠨ ᠠᠮᠢᠳᠤᠷᠠᠯ ᠳᠤ ᠪᠡᠨ1000 ᠲᠥᠭᠦᠷᠢᠭ ᠢ ᠵᠠᠷᠤᠵᠤ᠂ ᠶᠡᠷᠦᠩᠬᠡᠢ ᠨᠥᠬᠦᠪᠦᠷᠢ ᠶᠢᠨ ᠨᠡᠷ᠎ᠡ ᠵᠢ ᠳᠡᠭᠡᠭᠰᠢ ᠮᠡᠳᠡᠭᠦᠯᠬᠦ ᠦᠶᠡᠰ᠂ ᠲᠡᠭᠦᠨ ᠤ ᠬᠦᠦ ᠶᠢᠨ ᠨᠡᠷ᠎ᠡ ᠪᠡᠷ ᠢᠯᠡᠭᠦᠦ125ᠮᠦ ᠮᠡᠳᠡᠭᠦᠯᠵᠦ᠂ ᠲᠤᠬᠠᠢ ᠶᠢᠨ ᠵᠢᠯ ᠤᠨ ᠪᠠᠷᠢᠮᠵᠢᠶ᠎ᠠ ᠪᠡᠷ1780 ᠲᠥᠭᠦᠷᠢᠭ ᠤᠨ ᠨᠥᠬᠦᠪᠦᠷᠢ ᠮᠥᠩᠭᠦ  ᠠᠪᠴᠤ᠂ ᠡᠭᠦᠨ ᠡᠴᠡ  ᠭᠠᠳᠠᠨ᠎ᠠ ᠪᠤᠳᠠᠭᠠᠨ ᠤ ᠰᠢᠭᠤᠳ ᠨᠥᠬᠦᠪᠦᠷᠢ ᠵᠢ ᠪᠠᠭᠤᠯᠭᠠᠬᠤ ᠦᠶᠡᠰ ᠥᠪᠡᠷ ᠢᠶᠡᠨ ᠪᠠᠰᠠ ᠢᠯᠡᠭᠦᠦ150 ᠲᠥᠭᠦᠷᠢᠭ ᠠᠪᠴᠤ᠂ ᠨᠡᠢᠲᠡ2930 ᠲᠥᠭᠦᠷᠢᠭ ᠢ ᠴᠥᠮ ᠥᠪᠡᠷ ᠤᠨ ᠠᠮᠢᠳᠤᠷᠠᠯ ᠳᠤ ᠪᠡᠨ ᠬᠡᠷᠡᠭᠯᠡᠪᠡ᠃

    2008 ᠣᠨ  ᠳᠤ ᠫᠸᠢ ᠣᠪᠤᠭᠲᠤ ᠦᠷᠭᠦᠯᠵᠢᠯᠡᠨ ᠬᠦᠦ ᠶᠢᠨ ᠢᠶᠡᠨ ᠨᠠᠷ᠎ᠠ ᠪᠡᠷ125 ᠮᠦ ᠶᠡᠷᠦᠩᠬᠡᠢ ᠰᠢᠭᠤᠳ ᠨᠥᠬᠦᠪᠦᠷᠢ ᠬᠠᠭᠤᠷᠮᠠᠭ ᠮᠡᠳᠡᠭᠦᠯᠵᠦ᠂ ᠲᠤᠬᠠᠢ ᠶᠢᠨ ᠵᠢᠯ ᠤᠨ ᠪᠠᠷᠢᠮᠵᠢᠶ᠎ᠠ ᠪᠡᠷ ᠰᠢᠭᠤᠳ ᠶᠡᠷᠦᠩᠬᠡᠢ ᠨᠥᠬᠦᠪᠦᠷᠢ5925 ᠲᠥᠭᠦᠷᠢᠭ  ᠢ ᠱᠠᠮᠰᠢᠵᠤ᠂ ᠪᠤᠳᠠᠭᠠᠨ ᠤ ᠰᠢᠭᠤᠳ ᠨᠥᠬᠦᠪᠦᠷᠢ ᠢ ᠪᠠᠭᠤᠯᠭᠠᠬᠤ ᠦᠶᠡᠰ ᠥᠪᠡᠷ ᠢᠶᠡᠨ ᠳᠠᠬᠢᠨ150 ᠲᠥᠭᠦᠷᠢᠭ ᠠᠪᠤᠪᠠ᠃

     ᠵᠠᠭᠠᠯᠳᠤᠭᠳᠠᠭᠴᠢ ᠫᠸᠢ ᠣᠪᠤᠭᠲᠤ ᠶᠢᠨ ᠥᠪᠡᠷ ᠢ ᠪᠡᠨ ᠥᠮᠦᠭᠯᠡᠬᠦ ᠪᠠ ᠥᠮᠦᠭᠯᠡᠭᠴᠢ ᠶᠢᠨ ᠥᠮᠦᠭᠯᠡᠬᠦ ᠪᠡᠷ᠂ ᠰᠠᠬᠢᠯᠭ᠎ᠠ ᠪᠠᠲᠤ ᠪᠠᠢᠴᠠᠭᠠᠬᠤ ᠪᠠᠢᠭᠤᠯᠭ᠎ᠠ ᠶᠢᠨ ᠵᠠᠭᠠᠯᠳᠤᠯᠭ᠎ᠠ ᠶᠢᠨ ᠪᠣᠳᠠᠲᠤ ᠪᠠᠢᠳᠠᠯ ᠳ᠋ᠤ ᠣᠨᠳᠣᠣ ᠰᠠᠨᠠᠯ ᠦᠭᠡᠢ᠂ ᠭᠡᠪᠡᠴᠦ ᠱᠠᠮᠰᠢᠭᠰᠠᠨ ᠶᠠᠯ᠎ᠠ ᠳᠤ ᠬᠦᠷᠬᠦ ᠦᠭᠡᠢ᠃ ᠵᠠᠭᠠᠯᠳᠤᠭᠳᠠᠭᠴᠢ ᠶᠢᠨ ᠥᠮᠦᠭᠯᠡᠭᠴᠢ ᠶᠢᠨ ᠦᠵᠡᠬᠦ ᠪᠡᠷ᠂ ᠵᠠᠭᠠᠯᠳᠤᠭᠳᠠᠭᠴᠢ ᠶᠢᠨ ᠳᠡᠭᠡᠭᠰᠢ ᠮᠡᠳᠡᠭᠦᠯᠡᠭᠰᠡᠨ ᠨᠡᠭᠦᠷᠡᠰᠦᠨ ᠤ ᠨᠥᠬᠦᠪᠦᠷᠢ ᠪᠠ ᠶᠡᠷᠦᠩᠬᠡᠢ ᠰᠢᠭᠤᠳ ᠨᠥᠬᠦᠪᠦᠷᠢ ᠶᠢᠨ ᠨᠡᠷᠡᠰ ᠤᠨ ᠮᠡᠳᠡᠭᠦᠯᠦᠯᠲᠡ  ᠨᠢ ᠲᠣᠰᠭᠤᠨ ᠤ ᠠᠷᠠᠳ ᠤᠨ ᠵᠥᠪᠯᠡᠯ ᠤᠨ ᠵᠣᠬᠢᠶᠠᠨ ᠪᠠᠢᠭᠤᠯᠤᠯᠲᠠ ᠶᠢᠨ ᠬᠠᠤᠯᠢ  ᠳᠤᠭᠲᠠᠭᠠᠯ ᠳᠤ ᠳᠤᠭᠲᠠᠭᠰᠠᠨ ᠥᠪᠡᠷ ᠤᠨ ᠠᠵᠢᠯ  ᠤᠨ ᠡᠷᠬᠡ ᠶᠢᠨ ᠬᠡᠪᠴᠢᠶᠡᠨ ᠳᠣᠲᠤᠷᠠᠬᠢ ᠠᠵᠢᠯ ᠪᠠᠢᠵᠤ᠂  ᠣᠨᠴᠠᠭᠠᠢ ᠳᠤᠭᠲᠠᠭᠰᠠᠨ ᠨᠥᠬᠦᠴᠡᠯ ᠳᠣᠣᠷ᠎ᠠ ᠶᠠᠪᠤᠭᠳᠠᠵᠤ ᠪᠠᠢᠭ᠎ᠠ ᠤᠯᠤᠰ ᠤᠨ ᠬᠠᠮᠢᠶᠠᠷᠤᠯᠲᠠ ᠶᠢᠨ ᠠᠵᠢᠯ ᠪᠢᠰᠢ᠃  ᠲᠣᠰᠭᠤᠨ ᠤ ᠵᠥᠪᠯᠡᠯ ᠡᠴᠡ ᠵᠥᠪᠬᠡᠨ ᠮᠡᠳᠡᠭᠦᠯᠬᠦ ᠡᠷᠬᠡ ᠲᠠᠢ ᠪᠠᠢᠵᠤ᠂ ᠬᠢᠨᠠᠨ ᠵᠥᠪᠰᠢᠶᠡᠷᠡᠬᠦ ᠡᠷᠬᠡ ᠦᠭᠡᠢ᠂ ᠡᠳ᠋ ᠪᠣᠳᠠᠰ ᠳᠤ ᠴᠦ ᠬᠠᠮᠢᠶᠠᠷᠬᠤ ᠡᠷᠬᠡ ᠦᠭᠡᠢ᠃ ᠰᠢᠶᠠᠩ ᠤᠨ ᠠᠷᠠᠳ ᠤᠨ ᠵᠠᠰᠠᠭ ᠤᠨ ᠣᠷᠳᠤᠨ ᠡᠴᠡ ᠪᠤᠳᠠᠭᠠᠨ ᠤ ᠰᠢᠭᠤᠳ ᠨᠥᠬᠦᠪᠦᠷᠢ ᠵᠢ ᠰᠢᠭᠤᠳ ᠢᠲᠡᠭᠡᠮᠵᠢ ᠶᠢᠨ ᠬᠣᠷᠰᠢᠶᠠᠨ ᠳᠤ ᠪᠠᠭᠤᠯᠭᠠᠵᠤ᠂ ᠢᠲᠡᠭᠡᠮᠵᠢᠢ ᠶᠢᠨ ᠬᠣᠷᠰᠢᠶᠠᠨ ᠡᠴᠡ ᠲᠠᠷᠢᠶᠠᠴᠢᠨ ᠳᠤ ᠬᠤᠪᠢᠶᠠᠨ ᠥᠭᠴᠦ᠂ ᠵᠠᠭᠠᠯᠳᠤᠭᠳᠠᠭᠴᠢ ᠪᠤᠳᠠᠭᠠᠨ ᠤ ᠰᠢᠭᠤᠳ ᠨᠥᠬᠦᠪᠦᠷᠢ ᠳᠤ ᠭᠠᠷ ᠳᠠᠮᠵᠢᠭᠰᠠᠨ ᠦᠭᠡᠢ  ᠪᠥᠭᠡᠳ ᠲᠠᠷᠢᠶᠠᠴᠢᠨ ᠳᠤ ᠴᠦ ᠰᠢᠭᠤᠳ ᠲᠤᠰ ᠨᠥᠬᠦᠪᠦᠷᠢ ᠵᠢ ᠬᠤᠪᠢᠶᠠᠭᠰᠠᠨ ᠦᠭᠡᠢ᠃ ᠵᠠᠭᠠᠯᠳᠤᠭᠳᠠᠭᠴᠢ ᠠᠷᠠᠳ ᠤᠨ ᠵᠠᠰᠠᠭ ᠤᠨ ᠣᠷᠳᠤᠨ ᠢ ᠬᠠᠮᠵᠢᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠠᠵᠢᠯ ᠢ ᠬᠢᠵᠦ ᠪᠠᠢᠭ᠎ᠠ ᠪᠢᠰᠢ ᠪᠠᠢᠵᠤ᠂ ᠵᠠᠭᠠᠯᠳᠤᠭᠳᠠᠭᠴᠢ ᠱᠠᠮᠰᠢᠭᠰᠠᠨ ᠶᠠᠯ᠎ᠠ ᠶᠢᠨ ᠭᠣᠣᠯ ᠴᠣᠭᠴᠠ ᠪᠣᠯᠬᠤ ᠦᠭᠡᠢ᠃ ᠡᠭᠦᠨ ᠤ ᠵᠡᠷᠭᠡᠪᠡᠷ᠂2008 ᠣᠨ  ᠳᠤ ᠤᠯᠤᠰ ᠤᠨ ᠶᠡᠷᠦᠩᠬᠡᠢ ᠰᠢᠭᠤᠳ ᠨᠥᠬᠦᠪᠦᠷᠢ5925  ᠲᠥᠭᠦᠷᠢᠭ ᠢ ᠮᠡᠬᠡᠯᠡᠨ  ᠠᠪᠤᠭᠰᠠᠨ ᠨᠢ᠂ ᠫᠸᠢ ᠰᠢᠶᠣᠣ ᠳ᠋ᠦᠩ ᠤᠨ ᠨᠡᠷ᠎ᠡ ᠪᠡᠷ ᠳᠡᠭᠡᠭᠰᠢ ᠮᠡᠳᠡᠭᠦᠯᠵᠦ᠂ ᠵᠠᠭᠠᠯᠳᠤᠭᠳᠠᠭᠴᠢ ᠶᠢᠨ ᠨᠡᠷ᠎ᠡ ᠪᠡᠷ ᠮᠡᠳᠡᠭᠦᠯᠦᠭᠰᠡᠨ ᠪᠢᠰᠢ ᠪᠠᠢᠵᠤ᠂ ᠲᠤᠰ ᠵᠣᠭᠤᠰ ᠨᠢ ᠫᠸᠢ ᠰᠢᠶᠣᠣ ᠳ᠋ᠦᠩ ᠤᠨ ᠳᠠᠩᠰᠠᠨ ᠥᠷᠦᠭᠡ ᠳᠤ ᠬᠠᠳᠠᠭᠠᠯᠠᠭᠳᠠᠵᠤ᠂ ᠵᠠᠷᠤᠭᠰᠠᠨ ᠦᠭᠡᠢ ᠪᠠᠢᠵᠤ᠂ ᠨᠡᠢᠲᠡ ᠶᠢᠨ ᠮᠥᠩᠭᠦ ᠬᠥᠷᠦᠩᠭᠡ ᠵᠢ ᠬᠠᠤᠯᠢ ᠪᠤᠰᠤ ᠪᠡᠷ ᠡᠵᠡᠯᠡᠭᠰᠡᠨ ᠵᠠᠪᠠᠯ ᠪᠦᠷᠢᠯᠳᠦᠭᠦᠯᠬᠦ ᠨᠥᠬᠦᠴᠡᠯ ᠢ ᠪᠦᠷᠢᠯᠳᠦᠭᠦᠯᠦᠭᠰᠡᠨ ᠦᠭᠡᠢ᠃ ᠡᠭᠦᠨ ᠡᠴᠡ ᠭᠠᠳᠠᠨ᠎ᠠ᠂ ᠨᠡᠭᠦᠷᠡᠰᠦᠨ ᠤ ᠨᠥᠬᠦᠪᠦᠷᠢ ᠪᠣᠯᠤᠨ ᠪᠤᠳᠠᠭᠠᠨ ᠤ ᠰᠢᠭᠤᠳ ᠨᠥᠬᠦᠪᠦᠷᠢ ᠤᠨ3080 ᠲᠥᠭᠦᠷᠢᠭ ᠢ ᠡᠮᠦᠨ᠎ᠡ ᠬᠣᠢᠨ᠎ᠠ ᠭᠠᠴᠠᠭᠠᠨ ᠵᠥᠪᠯᠡᠯ  ᠤᠨ ᠵᠣᠴᠢᠯᠠᠭᠰᠠᠨ ᠵᠣᠭᠤᠰ2842 ᠲᠥᠭᠦᠷᠢᠭ ᠥᠭᠴᠦ᠂  ᠱᠠᠮᠰᠢᠭᠰᠠᠨ ᠲᠣᠭ᠎ᠠ  ᠬᠡᠮᠵᠢᠶ᠎ᠡ ᠪᠡᠷ ᠨᠤᠲᠠᠯᠠᠨ ᠳᠤᠭᠲᠠᠭᠠᠬᠤ ᠦᠭᠡᠢ ᠪᠠᠢᠪᠠᠯ ᠵᠣᠬᠢᠨ᠎ᠠ᠃

【 ᠰᠢᠭᠦᠨ ᠳᠤᠭᠲᠠᠭᠠᠯᠲᠠ】

      ᠥᠪᠦᠷ ᠮᠣᠩᠭᠤᠯ  ᠤᠨ ᠥᠪᠡᠷᠲᠡᠭᠡᠨ ᠵᠠᠰᠠᠬᠤ ᠣᠷᠤᠨ ᠤ ᠬᠠᠩᠭᠢᠨ ᠬᠣᠰᠢᠭᠤᠨ ᠤ ᠠᠷᠠᠳ ᠤᠨ ᠪᠠᠢᠴᠠᠭᠠᠬᠤ ᠬᠤᠷᠢᠶᠠᠨ ᠡᠴᠡ ᠵᠠᠭᠠᠯᠳᠤᠭᠳᠠᠭᠴᠢ ᠫᠸᠢ ᠣᠪᠤᠭᠲᠤ ᠵᠢ ᠱᠠᠮᠰᠢᠭᠰᠠᠨ ᠶᠠᠯ᠎ᠠ ᠪᠡᠷ ᠵᠠᠭᠠᠯᠳᠤᠵᠤ᠂ ᠬᠠᠩᠭᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠠᠯᠪᠠᠨ ᠵᠠᠭᠠᠯᠳᠤᠯᠭ᠎ᠠ ᠭᠠᠷᠭᠠᠪᠠ᠃

     ᠬᠠᠩᠭᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠡᠴᠡ ᠰᠢᠭᠦᠯᠲᠡ ᠪᠡᠷ ᠳᠠᠮᠵᠢᠨ ᠦᠵᠡᠬᠦ ᠪᠡᠷ ᠵᠠᠭᠠᠯᠳᠤᠭᠳᠠᠭᠴᠢ ᠫᠸᠢ ᠣᠪᠤᠭᠲᠤ ᠬᠠᠩᠭᠢᠨ ᠨᠠᠭᠤᠷ ᠰᠢᠶᠠᠩ ᠤᠨ ᠠᠷᠠᠳ ᠤᠨ ᠵᠠᠰᠠᠭ ᠤᠨ ᠣᠷᠳᠤᠨ ᠢ ᠬᠠᠮᠵᠢᠨ ᠲᠤᠰ ᠭᠠᠴᠠᠭᠠᠨ ᠤ  ᠶᠡᠷᠦᠩᠬᠡᠢ ᠰᠢᠭᠤᠳ ᠨᠥᠬᠦᠪᠦᠷᠢ ᠶᠢᠨ ᠮᠦ ᠶᠢᠨ ᠲᠣᠭ᠎ᠠ ᠵᠢ ᠳᠡᠭᠡᠭᠰᠢ ᠮᠡᠳᠡᠭᠦᠯᠬᠦ ᠦᠶᠡᠰ ᠠᠵᠢᠯ ᠤᠨ ᠪᠠᠢᠷᠢ ᠶᠢᠨ ᠢᠶᠡᠨ ᠳᠥᠭᠦᠮ ᠢ ᠠᠰᠢᠭᠯᠠᠨ᠂2007 ᠣᠨ  ᠳᠤ ᠵᠠᠭᠠᠯᠳᠤᠭᠳᠠᠭᠴᠢ ᠫᠸᠢ ᠣᠪᠤᠭᠲᠤ ᠬᠦᠦ ᠶᠢᠨ ᠢᠶᠡᠨ ᠨᠡᠷ᠎ᠡ ᠪᠡᠷ ᠨᠥᠬᠦᠪᠦᠷᠢ ᠶᠢᠨ ᠲᠠᠯᠠᠪᠠᠢ ᠵᠢ125 ᠮᠦ ᠬᠠᠭᠤᠷᠮᠠᠭ ᠮᠡᠳᠡᠭᠦᠯᠵᠦ᠂ ᠤᠯᠤᠰ ᠤᠨ ᠶᠡᠷᠦᠩᠬᠡᠢ ᠰᠢᠭᠤᠳ ᠨᠥᠬᠦᠪᠦᠷᠢ ᠵᠢ1780 ᠲᠥᠭᠦᠷᠢᠭ ᠮᠡᠬᠡᠯᠡᠨ᠂ ᠤᠯᠤᠰ ᠤᠨ ᠨᠡᠭᠦᠷᠡᠰᠦᠨ ᠤ ᠨᠥᠬᠦᠪᠦᠷᠢ ᠵᠢ1000 ᠲᠥᠭᠦᠷᠢᠭ ᠮᠡᠬᠡᠯᠡᠨ ᠠᠪᠴᠤ᠂ ᠡᠭᠦᠨ ᠡᠴᠡ ᠭᠠᠳᠠᠨ᠎ᠠ ᠪᠤᠳᠠᠭᠠᠨ ᠤ ᠰᠢᠭᠤᠳ ᠨᠥᠬᠦᠪᠦᠷᠢ ᠵᠢ ᠪᠠᠭᠤᠯᠭᠠᠬᠤ ᠦᠶᠡᠰ150 ᠲᠥᠭᠦᠷᠢᠭ ᠢ ᠳᠠᠪᠲᠠᠨ ᠠᠪᠤᠪᠠ᠃2008 ᠣᠨ ᠳᠤ ᠵᠠᠭᠠᠯᠳᠤᠭᠳᠠᠭᠴᠢ ᠫᠸᠢ ᠣᠪᠤᠭᠲᠤ ᠬᠦᠦ ᠶᠢᠨ ᠢᠶᠡᠨ ᠨᠡᠷ᠎ᠡ ᠪᠡᠷ125 ᠮᠦ ᠬᠠᠭᠤᠷᠮᠠᠭ ᠮᠡᠳᠡᠭᠦᠯᠵᠦ᠂ ᠤᠯᠤᠰ ᠤᠨ ᠶᠡᠷᠦᠩᠬᠡᠢ ᠰᠢᠭᠤᠳ ᠨᠥᠬᠦᠪᠦᠷᠢ ᠵᠢ5925 ᠲᠥᠭᠦᠷᠢᠭ ᠢ ᠮᠡᠬᠡᠯᠡᠨ᠂ ᠪᠤᠳᠠᠭᠠᠨ ᠤ ᠰᠢᠭᠤᠳ ᠨᠥᠬᠦᠪᠦᠷᠢ ᠵᠢ ᠪᠠᠭᠤᠯᠭᠠᠬᠤ ᠦᠶᠡᠰ ᠮᠥᠨ150 ᠲᠥᠭᠦᠷᠢᠭ ᠳᠠᠪᠲᠠᠨ ᠠᠪᠴᠤ᠂ ᠳᠡᠭᠡᠷ᠎ᠡ ᠳᠤᠷᠠᠳᠤᠭᠰᠠᠨ ᠨᠡᠢᠲᠡ9005 ᠲᠥᠭᠦᠷᠢᠭ ᠪᠠᠢᠵᠤ᠂ ᠲᠡᠭᠦᠨ ᠤ ᠠᠵᠢᠯᠠᠯᠭ᠎ᠠ ᠨᠢ ᠨᠢᠭᠡᠨᠲᠡ ᠱᠠᠮᠰᠢᠭᠰᠠᠨ ᠶᠠᠯ᠎ᠠ ᠳᠤ ᠬᠦᠷᠪᠡ᠃ ᠡᠢᠮᠦ ᠡᠴᠡ ᠠᠯᠪᠠᠨ ᠵᠠᠭᠠᠯᠳᠤᠯᠭ᠎ᠠ ᠭᠠᠷᠭᠠᠭᠰᠠᠨ ᠪᠠᠢᠭᠤᠯᠭ᠎ᠠ   ᠡᠴᠡ ᠵᠠᠭᠠᠯᠳᠤᠭᠳᠠᠭᠴᠢ ᠫᠸᠢ ᠣᠪᠤᠭᠲᠤ ᠵᠢ ᠵᠠᠭᠠᠯᠳᠤᠭᠰᠠᠨ ᠱᠠᠮᠰᠢᠭᠰᠠᠨ ᠶᠠᠯ᠎ᠠ ᠳᠤ ᠰᠢᠢᠳᠭᠡᠯ ᠥᠭᠬᠦ ᠭᠡᠰᠡᠨ ᠰᠠᠨᠠᠯ ᠢ ᠳᠡᠮᠵᠢᠪᠡᠯ ᠵᠣᠬᠢᠵᠤ᠂ ᠵᠠᠭᠠᠯᠳᠤᠭᠳᠠᠭᠴᠢ ᠫᠸᠢ ᠣᠪᠤᠭᠲᠤ ᠪᠠ ᠲᠡᠭᠦᠨ ᠤ ᠥᠮᠦᠭᠯᠡᠭᠴᠢ ᠶᠢᠨ ᠳᠤᠷᠠᠳᠤᠭᠰᠠᠨ ᠱᠠᠮᠰᠢᠭᠰᠠᠨ ᠶᠠᠯ᠎ᠠ ᠳᠤ ᠬᠦᠷᠬᠦ ᠦᠭᠡᠢ ᠭᠡᠬᠦ ᠥᠮᠦᠭᠯᠡᠬᠦ ᠰᠠᠨᠠᠯ ᠢ ᠬᠦᠯᠢᠶᠡᠨ ᠠᠪᠬᠤ ᠦᠭᠡᠢ᠂ ᠵᠠᠭᠠᠯᠳᠤᠭᠳᠠᠭᠴᠢ ᠫᠸᠢ ᠣᠪᠤᠭᠲᠤ ᠬᠡᠷᠡᠭ ᠤᠨ ᠳᠠᠷᠠᠭ᠎ᠠ ᠢᠳᠡᠪᠬᠢᠲᠠᠢ ᠪᠡᠷ ᠪᠤᠵᠠᠷ ᠡᠳ᠋  ᠢᠶᠡᠨ ᠪᠤᠴᠠᠭᠠᠵᠤ᠂ ᠬᠠᠷᠠᠮᠰᠠᠬᠤ ᠢᠯᠡᠷᠡᠯ ᠲᠠᠢ ᠪᠠᠢᠵᠤ᠂  ᠬᠥᠩᠭᠡᠨ ᠢᠶᠡᠷ ᠰᠢᠢᠬᠡᠵᠦ ᠪᠣᠯᠤᠨ᠎ᠠ᠃《 ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠭᠦᠦ  ᠶᠢᠨ ᠬᠠᠤᠯᠢ》 ᠶᠢᠨ ᠭᠤᠷᠪᠠᠨ ᠵᠠᠭᠤ ᠨᠠᠶᠠᠨ ᠬᠣᠶᠠᠳᠤᠭᠠᠷ ᠵᠤᠷᠪᠤᠰ ᠤᠨ ᠨᠢᠭᠡᠳᠦᠭᠡᠷ ᠵᠦᠢᠯ᠂ ᠭᠤᠷᠪᠠᠨ ᠵᠠᠭᠤ ᠨᠠᠶᠠᠨ ᠭᠤᠷᠪᠠᠳᠤᠭᠠᠷ ᠵᠤᠷᠪᠤᠰ ᠤᠨ ᠭᠤᠷᠪᠠᠳᠤᠭᠠᠷ ᠲᠥᠷᠦᠯ᠂ ᠳᠠᠯᠠᠨ ᠬᠣᠶᠠᠳᠤᠭᠠᠷ ᠵᠤᠷᠪᠤᠰ ᠤᠨ ᠨᠢᠭᠡᠳᠦᠭᠡᠷ ᠵᠦᠢᠯ᠂ ᠵᠢᠷᠠᠨ ᠳᠥᠷᠪᠡᠳᠦᠭᠡᠷ ᠵᠤᠷᠪᠤᠰ ᠤᠨ ᠳᠤᠭᠲᠠᠭᠠᠯ  ᠪᠠ ᠪᠥᠬᠦ ᠤᠯᠤᠰ ᠤᠨ ᠠᠷᠠᠳ ᠤᠨ ᠲᠥᠯᠦᠭᠡᠯᠡᠭᠴᠢᠳ ᠤᠨ ᠪᠠᠢᠩᠭᠤ ᠶᠢᠨ  ᠬᠣᠷᠢᠶᠠᠨ ᠤ《ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠭᠦᠦ  ᠶᠢᠨ ᠬᠠᠤᠯᠢ》 ᠶᠢᠷᠡᠨ ᠭᠤᠷᠪᠠᠳᠤᠭᠠᠷ ᠵᠤᠷᠪᠤᠰ ᠤᠨ ᠬᠣᠶᠠᠳᠤᠭᠠᠷ ᠵᠦᠢᠯ  ᠤᠨ ᠲᠠᠢᠯᠪᠥᠷᠢ ᠶᠢᠨ ᠳᠣᠯᠤᠳᠤᠭᠠᠷ ᠲᠥᠷᠦᠯ  ᠤᠨ ᠳᠤᠭᠲᠠᠭᠠᠯ ᠢ ᠦᠨᠳᠦᠰᠦᠯᠡᠪᠡᠯ ᠵᠠᠭᠠᠯᠳᠤᠭᠳᠠᠭᠴᠢ ᠫᠸᠢ ᠣᠪᠤᠭᠲᠤ ᠱᠠᠮᠰᠢᠭᠰᠠᠨ ᠶᠠᠯ᠎ᠠ ᠬᠢᠵᠦ᠂ ᠵᠢᠷᠭᠤᠭᠠᠨ ᠰᠠᠷ᠎ᠠ ᠬᠤᠭᠤᠴᠠᠭ᠎ᠠ ᠲᠠᠢ ᠬᠣᠷᠢᠬᠤ ᠪᠡᠷ ᠰᠢᠢᠳᠭᠡᠵᠦ᠂ ᠨᠢᠭᠡ ᠵᠢᠯ ᠤ ᠭᠠᠳᠠᠨ᠎ᠠ ᠵᠢᠷᠭᠤᠭᠠᠨ ᠰᠠᠷ᠎ᠠ ᠠᠯᠭᠤᠷᠯᠠᠨ᠂ ᠵᠠᠭᠠᠯᠳᠤᠭᠳᠠᠭᠴᠢ ᠫᠸᠢ ᠣᠪᠤᠭᠲᠤ ᠶᠢᠨ ᠬᠠᠤᠯᠢ ᠪᠤᠰᠤ ᠪᠡᠷ ᠣᠯᠤᠭᠰᠠᠨ ᠮᠥᠩᠭᠦ9005 ᠲᠥᠭᠦᠷᠢᠭ ᠬᠤᠷᠢᠶᠠᠮᠵᠢᠯᠠᠨ ᠠᠪᠤᠨ᠎ᠠ᠃

【  ᠦᠨᠡᠯᠡᠨ ᠵᠠᠳᠠᠯᠤᠯᠲᠠ】

      《 ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠭᠦᠦ  ᠶᠢᠨ ᠬᠠᠤᠯᠢ》 ᠭᠤᠷᠪᠠᠨ ᠵᠠᠭᠤ ᠨᠠᠶᠠᠨ ᠭᠤᠷᠪᠠᠳᠤᠭᠠᠷ ᠵᠤᠷᠪᠤᠰ ᠤᠨ ᠭᠤᠷᠪᠠᠳᠤᠭᠠᠷ ᠲᠥᠷᠦᠯ ᠤᠨ ᠳᠤᠭᠲᠠᠭᠠᠯ ᠢ ᠦᠨᠳᠦᠰᠦᠯᠡᠪᠡᠯ᠂ ᠬᠤᠪᠢ ᠬᠥᠮᠦᠨ ᠤ ᠱᠠᠮᠰᠢᠭᠰᠠᠨ ᠲᠣᠭ᠎ᠠ  ᠨᠢ ᠲᠠᠪᠤᠨ ᠮᠢᠩᠭᠠᠨ ᠲᠥᠭᠦᠷᠢᠭ ᠡᠴᠡ ᠳᠡᠭᠡᠭᠡᠰᠢ ᠲᠦᠮᠡᠨ ᠲᠥᠭᠦᠷᠢᠭ ᠬᠦᠷᠬᠦ ᠦᠭᠡᠢ ᠪᠠᠢᠵᠤ᠂ ᠶᠠᠯᠠᠲᠠᠨ ᠬᠠᠷᠠᠮᠰᠠᠬᠤ ᠢᠯᠡᠷᠡᠯ ᠲᠠᠢ ᠪᠠᠢᠵᠤ᠂ ᠪᠤᠵᠠᠷ ᠡᠳ᠋ ᠢᠶᠡᠨ ᠢᠳᠡᠪᠬᠢᠲᠠᠢ ᠪᠡᠷ  ᠪᠤᠴᠠᠭᠠᠭᠰᠠᠨ ᠪᠣᠯ ᠬᠥᠩᠭᠡᠷᠡᠭᠦᠯᠦᠨ ᠰᠢᠢᠳᠭᠡᠵᠦ ᠡᠰᠡᠬᠦᠯ᠎ᠡ ᠡᠷᠡᠭᠦᠦ ᠰᠢᠢᠳᠭᠡᠯ ᠡᠴᠡ ᠨᠢ ᠬᠡᠯᠲᠦᠷᠢᠭᠦᠯᠵᠦ᠂ ᠲᠡᠭᠦᠨ ᠤ ᠪᠠᠢᠭᠤᠯᠭ᠎ᠠ ᠡᠰᠡᠭᠦᠯ᠎ᠡ ᠳᠡᠭᠡᠳᠦ ᠱᠠᠲᠤᠨ ᠤ ᠭᠣᠣᠯᠯᠠᠨ ᠬᠠᠮᠢᠶᠠᠷᠬᠤ ᠪᠠᠢᠭᠤᠯᠭ᠎ᠠ ᠡᠴᠡ ᠨᠢ ᠵᠠᠰᠠᠭ ᠵᠠᠬᠢᠷᠭᠠᠨ ᠤ ᠲᠣᠷᠭᠠᠭᠤᠯᠢ ᠥᠭᠴᠦ ᠪᠣᠯᠤᠨ᠎ᠠ᠃《 ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠤᠨ ᠡᠷᠭᠦᠦ  ᠶᠢᠨ ᠬᠠᠤᠯᠢ》 ᠳᠠᠯᠠᠨ ᠬᠣᠶᠠᠳᠤᠭᠠᠷ ᠵᠤᠪᠤᠰ   ᠤᠨ ᠳᠤᠭᠲᠠᠭᠠᠯ ᠢ ᠦᠨᠳᠦᠰᠦᠯᠡᠪᠡᠯ᠂ ᠲᠦᠷ ᠬᠣᠷᠢᠭᠳᠠᠬᠤ ᠪᠡᠷ ᠰᠢᠢᠳᠭᠡᠭᠳᠡᠭᠰᠡᠨ᠂ ᠭᠤᠷᠪᠠᠨ ᠵᠢᠯ ᠡᠴᠡ ᠳᠣᠷᠤᠭᠰᠢ ᠬᠤᠭᠤᠴᠠᠭ᠎ᠠ ᠲᠠᠢ ᠬᠣᠷᠢᠬᠤ ᠪᠡᠷ ᠰᠢᠢᠳᠭᠡᠭᠰᠡᠨ ᠶᠠᠯᠠᠲᠠᠨ ᠢ  ᠶᠠᠯᠠᠲᠠᠨ ᠤ ᠶᠠᠯᠠᠲᠤ ᠠᠵᠢᠯᠠᠯᠭ᠎ᠠ ᠶᠢᠨ ᠪᠠᠢᠳᠠᠯ ᠬᠢᠭᠡᠳ ᠬᠠᠷᠠᠮᠰᠠᠬᠤ ᠢᠯᠡᠷᠡᠯ ᠢ ᠨᠢ ᠦᠨᠳᠦᠰᠦᠯᠡᠨ᠂  ᠡᠷᠡᠭᠦᠦ ᠵᠢ ᠨᠢ ᠠᠯᠭᠤᠷᠯᠠᠭᠠᠳ ᠨᠡᠢᠭᠡᠮ ᠨᠡᠢᠲᠡ ᠳᠤ  ᠦᠨᠡᠨᠬᠦ ᠳᠠᠬᠢᠨ ᠬᠣᠬᠢᠷᠠᠯ ᠤᠴᠠᠷᠠᠭᠤᠯᠬᠤ ᠦᠭᠡᠢ ᠪᠣᠯ ᠠᠯᠭᠤᠷᠯᠠᠨ ᠭᠦᠢᠴᠡᠳᠬᠡᠬᠦ ᠪᠡᠷ ᠲᠤᠩᠬᠠᠯᠠᠵᠤ ᠪᠣᠯᠤᠨ᠎ᠠ᠃ ᠲᠤᠰ ᠬᠡᠷᠡᠭ ᠤᠨ ᠵᠠᠭᠠᠯᠳᠤᠭᠳᠠᠭᠴᠢ ᠫᠸᠢ  ᠠᠢ ᠰᠢᠶᠣᠣ ᠭᠠᠴᠠᠭᠠᠨ ᠤ ᠵᠥᠪᠯᠡᠯ  ᠪᠠᠢᠬᠤ ᠬᠤᠭᠤᠴᠠᠭᠠᠨ ᠳᠤ ᠪᠡᠨ᠂ ᠬᠠᠩᠭᠢᠨ ᠬᠣᠰᠢᠭᠤᠨ ᠤ ᠬᠠᠩᠭᠢᠨ ᠨᠠᠭᠤᠷ ᠰᠢᠶᠠᠩ ᠤᠨ ᠠᠷᠠᠳ ᠤᠨ ᠵᠠᠰᠠᠭ ᠤᠨ ᠣᠷᠳᠤᠨ  ᠢ ᠬᠠᠮᠵᠢᠨ ᠶᠡᠷᠦᠩᠬᠡᠢ ᠰᠢᠭᠤᠳ ᠨᠥᠬᠦᠪᠦᠷᠢ ᠶᠢᠨ ᠮᠦ ᠶᠢᠨ ᠲᠣᠭ᠎ᠠ ᠵᠢ ᠳᠡᠭᠡᠭᠰᠢ ᠮᠡᠳᠡᠭᠦᠯᠬᠦ ᠦᠶᠡᠰ᠂ ᠠᠵᠢᠯ ᠤᠨ ᠪᠠᠢᠷᠢ ᠶᠢᠨ ᠢᠶᠡᠨ ᠳᠥᠭᠦᠮ ᠢ ᠠᠰᠢᠭᠯᠠᠨ ᠰᠢᠭᠤᠳ ᠨᠥᠬᠦᠪᠦᠷᠢ ᠶᠢᠨ ᠮᠦ ᠶᠢᠨ ᠲᠣᠭ᠎ᠠ  ᠵᠢ ᠬᠣᠭᠤᠷᠮᠠᠭ ᠮᠡᠳᠡᠭᠦᠯᠵᠦ᠂ ᠤᠯᠤᠰ ᠤᠨ ᠶᠡᠷᠦᠩᠬᠡᠢ ᠰᠢᠭᠤᠳ ᠨᠥᠬᠦᠪᠦᠷᠢ ᠵᠢ9005 ᠲᠥᠭᠦᠷᠢᠭ ᠱᠠᠮᠰᠢᠪᠠ᠃ ᠭᠡᠪᠡᠴᠦ ᠵᠠᠭᠠᠯᠳᠤᠭᠳᠠᠭᠴᠢ ᠫᠸᠢ ᠤᠪᠤᠭᠲᠤ ᠬᠡᠷᠡᠭ ᠤᠨ ᠳᠠᠷᠠᠭ᠎ᠠ ᠱᠠᠮᠰᠢᠭᠰᠠᠨ9005 ᠲᠥᠭᠦᠷᠢᠭ ᠢᠶᠡᠨ ᠪᠦᠬᠦᠨ ᠤ ᠪᠠᠢᠴᠠᠭᠠᠬᠤ ᠪᠠᠢᠭᠤᠯᠭ᠎ᠠ ᠳᠤ ᠲᠤᠰᠢᠶᠠᠨ ᠥᠭᠴᠦ᠂ ᠬᠠᠷᠠᠮᠰᠠᠬᠤ ᠢᠯᠡᠷᠡᠯ ᠲᠠᠢ ᠪᠠᠢᠵᠤ᠂ ᠬᠥᠩᠭᠡᠨ ᠢᠶᠡᠷ ᠰᠢᠢᠳᠭᠡᠵᠦ ᠪᠣᠯᠤᠨ᠎ᠠ᠃ ᠵᠡᠷᠭᠡᠪᠡᠷ ᠫᠸᠢ ᠣᠪᠤᠭᠲᠤ ᠬᠡᠷᠡᠭ ᠤᠨ ᠳᠠᠷᠠᠭ᠎ᠠ᠂ ᠭᠠᠴᠠᠭᠠᠨ ᠵᠥᠪᠯᠡᠯ ᠡᠴᠡ ᠫᠸᠢ ᠣᠪᠤᠭᠲᠤ ᠶᠢᠨ ᠭᠠᠴᠠᠭᠠᠨ ᠳᠠᠷᠤᠭ᠎ᠠ ᠶᠢᠨ  ᠲᠤᠰᠢᠶᠠᠯ ᠢ ᠨᠢ  ᠬᠡᠯᠲᠦᠷᠢᠭᠦᠯᠬᠦ ᠪᠡᠷ ᠳᠤᠭᠲᠠᠵᠤ᠂ ᠡᠷᠡᠭᠦᠦ ᠵᠢ ᠨᠢ  ᠠᠯᠭᠤᠷᠯᠠᠨ ᠰᠢᠢᠳᠭᠡᠭᠰᠡᠨ ᠤ ᠳᠠᠷᠠᠭ᠎ᠠ ᠨᠡᠢᠭᠡᠮ ᠳᠤ ᠳᠠᠬᠢᠨ ᠬᠣᠬᠢᠷᠠᠯ ᠤᠴᠠᠷᠠᠭᠤᠯᠬᠤ ᠦᠭᠡᠢ ᠪᠠᠢᠵᠤ᠂ ᠡᠢᠮᠦ ᠡᠴᠡ ᠲᠤᠰ ᠬᠣᠷᠢᠶᠠᠨ ᠡᠴᠡ ᠵᠠᠭᠠᠯᠳᠤᠭᠳᠠᠭᠴᠢ ᠫᠸᠢ ᠣᠪᠤᠭᠲᠤ ᠵᠢ ᠬᠥᠩᠭᠡᠨ ᠢᠶᠡᠷ ᠰᠢᠢᠳᠭᠡᠵᠦ ᠵᠢᠷᠭᠤᠭᠠᠨ ᠰᠠᠷ᠎ᠠ ᠬᠤᠭᠤᠴᠠᠭ᠎ᠠ ᠲᠠᠢ ᠬᠣᠷᠢᠵᠤ᠂ ᠨᠢᠭᠡ ᠵᠢᠯ  ᠤᠨ ᠭᠠᠳᠠᠨ᠎ᠠ ᠵᠢᠷᠭᠤᠭᠠᠨ ᠰᠠᠷ᠎ᠠ ᠠᠯᠭᠤᠷᠯᠠᠨ ᠰᠢᠢᠳᠭᠡᠬᠦ ᠪᠡᠷ ᠰᠢᠭᠦᠨ ᠳᠠᠰᠤᠯᠠᠪᠠ᠃  ᠡᠳᠡᠭᠡᠷ ᠬᠠᠤᠯᠢ ᠳᠤ ᠳᠤᠭᠲᠠᠭᠠᠭᠰᠠᠨ ᠡᠷᠡᠭᠦᠦ ᠣᠨᠤᠭᠳᠠᠭᠤᠯᠤᠯᠲᠠ ᠪᠠ ᠪᠠᠷᠤᠭᠴᠠᠭᠠᠨ ᠳᠤᠭᠲᠠᠭᠠᠭᠰᠠᠨ ᠦᠢᠯᠡ ᠪᠠᠢᠳᠠᠯ ᠢ ᠨᠢ ᠦᠨᠳᠦᠰᠦᠯᠡᠪᠡᠯ᠂ ᠵᠠᠭᠠᠯᠳᠤᠭᠳᠠᠭᠴᠢ ᠵᠢ ᠬᠤᠭᠤᠴᠠᠭ᠎ᠠ ᠲᠠᠢ ᠬᠣᠷᠢᠬᠤ ᠪᠡᠷ ᠰᠢᠢᠳᠭᠡᠵᠦ ᠮᠥᠨ ᠡᠷᠡᠭᠦᠦ ᠵᠢ ᠨᠢ ᠠᠯᠭᠤᠷᠯᠠᠬᠤ  ᠪᠡᠷ ᠰᠢᠢᠳᠭᠡᠭᠰᠡᠨ ᠨᠢ᠂ ᠡᠷᠡᠭᠦᠦ ᠦ ᠬᠠᠤᠯᠢ ᠶᠢᠨ ᠶᠠᠯᠠᠲᠤ ᠠᠵᠢᠯᠠᠯᠭ᠎ᠠ ᠶᠢᠨ ᠪᠠᠢᠳᠠᠯ ᠲᠠᠢ ᠨᠢ ᠬᠠᠷᠢᠯᠴᠠᠨ ᠵᠣᠬᠢᠴᠠᠯᠳᠤᠬᠤ ᠵᠠᠷᠴᠢᠮ ᠪᠠ ᠴᠢᠩᠭ᠎ᠠ ᠠᠭᠤᠳᠠᠮᠴᠢ ᠬᠠᠷᠢᠯᠴᠠᠨ  ᠵᠣᠬᠢᠷᠠᠭᠰᠠᠨ ᠡᠷᠡᠭᠦᠦ ᠶᠢᠨ ᠬᠡᠷᠡᠭ ᠤᠨ ᠲᠥᠷᠦ ᠶᠢᠨ ᠪᠣᠳᠤᠯᠭ᠎ᠠ ᠲᠠᠢ ᠨᠡᠢᠴᠡᠨ᠎ᠡ᠃

         ᠬᠠᠷᠢᠭᠤᠴᠠᠭᠰᠠᠨ ᠨᠠᠢᠷᠠᠭᠤᠯᠤᠭᠴᠢ᠄ ᠬᠠᠩᠭᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ   ᠸᠠᠩ ᠰᠦᠨ ᠹᠦ᠋

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )