ᠬᠡᠨ ᠡᠴᠡ ᠭᠠᠷ ᠤᠨ ᠲᠢᠭ ᠰᠢᠯᠭᠠᠨ ᠨᠤᠲᠤᠯᠠᠬᠤ ᠭᠤᠶᠤᠴᠢᠯᠠᠯ ᠭᠠᠷᠭᠠᠪᠠᠯ ᠵᠣᠬᠢᠬᠤ ᠪᠤᠢ︖
2015.01.20 ᠲᠣᠰ ᠥᠷᠲᠡᠭᠡᠨ ᠦ ᠨᠠᠢᠷᠠᠭᠤᠯᠤᠭᠴᠢ

 ᠵᠣᠬᠢᠶᠠᠭᠴᠢ: ᠬᠠᠩᠭᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ ᠵᠠᠩ ᠰᠢᠦᠢ

 

【 ᠬᠡᠷᠡᠭ ᠤᠨ ᠪᠠᠢᠳᠠᠯ ᠤᠨ ᠲᠠᠨᠢᠯᠴᠠᠭᠤᠯᠭ᠎ᠠ】

    ᠯᠢ ᠣᠪᠤᠭᠲᠤ ᠠᠷᠠᠯᠵᠢᠶ᠎ᠠ ᠬᠢᠬᠦ ᠪᠡᠯᠡ ᠮᠥᠩᠭᠦ ᠬᠡᠷᠡᠭᠲᠠᠢ ᠤᠴᠢᠷ ᠡᠴᠡ᠂ ᠰᠦ ᠣᠪᠤᠭᠲᠤ ᠡᠴᠡ50000 ᠲᠥᠭᠦᠷᠢᠭ ᠵᠢᠭᠡᠯᠡᠵᠦ᠂  ᠪᠣᠯᠵᠤᠨ ᠳᠤᠭᠲᠠᠭᠰᠠᠨ ᠰᠠᠷ᠎ᠠ ᠶᠢᠨ ᠬᠦᠦ ᠮᠥᠩᠭᠦ ᠨᠢ2% ᠪᠠᠢᠵᠤ᠂ ᠮᠥᠨ ᠸᠠᠩ ᠣᠪᠤᠭᠲᠤ ᠢ ᠣᠯᠵᠤ ᠪᠠᠲᠤᠯᠠᠭ᠎ᠠ ᠪᠣᠯᠭᠠᠪᠠ᠃ ᠰᠡᠭᠦᠯᠡᠷ ᠨᠢ ᠵᠢᠭᠡᠯᠡᠭᠰᠡᠨ ᠬᠥᠮᠦᠨ ᠯᠢ ᠣᠪᠤᠭᠲᠤ ᠶᠢᠨ ᠰᠤᠷᠠᠭ ᠦᠭᠡᠢ ᠪᠣᠯᠵᠤ᠂ ᠰᠦ ᠣᠪᠤᠭᠲᠤ ᠰᠢᠭᠦᠬᠦ ᠬᠣᠷᠢᠶᠠᠨ ᠳᠤ ᠵᠠᠭᠠᠯᠳᠤᠯᠭ᠎ᠠ ᠭᠠᠷᠭᠠᠵᠤ᠂ ᠪᠠᠲᠤᠯᠠᠭ᠎ᠠ ᠶᠢᠨ ᠬᠥᠮᠦᠨ ᠸᠠᠩ ᠣᠪᠤᠭᠲᠤ ᠵᠢ ᠪᠠᠳᠤᠯᠭᠠᠨ ᠤ ᠬᠠᠷᠢᠭᠤᠴᠠᠯᠭ᠎ᠠ ᠡᠭᠦᠷᠭᠡᠯᠡᠬᠦ ᠵᠢ ᠱᠠᠭᠠᠷᠲᠠᠵᠤ᠂ ᠸᠠᠩ ᠣᠪᠤᠭᠲᠤ ᠵᠢᠭᠡᠯᠡᠯᠭᠡ ᠶᠢᠨ ᠪᠠᠷᠢᠮᠲᠠ ᠳᠡᠭᠡᠷ᠎ᠡ ᠭᠠᠷ ᠤᠨ ᠦᠰᠦᠭ ᠵᠢᠷᠤᠭᠰᠠᠨ ᠢ ᠦᠭᠡᠢᠰᠭᠡᠵᠦ᠂  ᠪᠠᠲᠤᠯᠠᠬᠤ ᠳᠠᠭᠠᠭᠠᠯᠲᠠ ᠶᠢᠨ ᠪᠣᠳᠠᠲᠤ ᠪᠠᠢᠳᠠᠯ ᠢ ᠦᠭᠡᠢᠰᠭᠡᠵᠦ᠂ ᠪᠠᠲᠤᠯᠠᠬᠤ ᠬᠠᠷᠢᠭᠤᠴᠠᠯᠭ᠎ᠠ ᠡᠭᠦᠷᠭᠡᠯᠡᠬᠦ ᠵᠢ ᠲᠡᠪᠴᠢᠪᠡ᠃ ᠭᠡᠲᠡᠯ᠎ᠡ ᠵᠠᠭᠠᠯᠳᠤᠭᠴᠢ ᠪᠠ ᠵᠠᠭᠠᠯᠳᠤᠭᠳᠠᠭᠴᠢ ᠬᠤᠶᠠᠷ ᠡᠲᠡᠭᠡᠳ ᠢᠶᠡᠷ ᠢᠶᠡᠨ  ᠴᠥᠮ ᠭᠠᠷ ᠤᠨ ᠲᠢᠭ ᠰᠢᠯᠭᠠᠬᠤ ᠭᠤᠶᠤᠴᠢᠯᠠᠯ ᠭᠠᠷᠭᠠᠬᠤ ᠳᠤᠷ᠎ᠠ ᠦᠭᠡᠢ ᠪᠠᠢᠵᠤ᠂  ᠲᠤᠰ ᠬᠡᠷᠡᠭ  ᠲᠤ ᠴᠣᠬᠤᠮ ᠬᠡᠨ ᠨᠢ ᠭᠠᠷ ᠤᠨ ᠲᠢᠭ ᠰᠢᠯᠭᠠᠬᠤ ᠭᠤᠶᠤᠴᠢᠯᠠᠯ ᠭᠠᠷᠭᠠᠪᠠᠯ ᠵᠣᠬᠢᠬᠤ ᠪᠤᠢ︖

   【 ᠦᠵᠡᠯᠲᠡ ᠶᠢᠨ ᠮᠠᠷᠭᠤᠯᠳᠤᠭᠠᠨ】

      ᠨᠢᠭᠡ ᠵᠦᠢᠯ ᠤᠨ ᠦᠵᠡᠯᠲᠡ ᠶᠢᠨ ᠦᠵᠡᠬᠦ ᠪᠡᠷ᠂《 ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠬᠡᠷᠡᠭ ᠤᠨ ᠵᠠᠷᠭᠠᠯᠳᠤᠭᠠᠨ ᠤ ᠬᠠᠤᠯᠢ》 ᠶᠢᠨ ᠵᠢᠷᠠᠨ ᠳᠥᠷᠪᠡᠳᠦᠭᠡᠷ ᠵᠤᠷᠪᠤᠰ ᠳᠤᠭᠲᠠᠭᠠᠯ  ᠢ ᠦᠨᠳᠦᠰᠡᠯᠡᠪᠡᠯ《 ᠲᠤᠬᠠᠢ ᠶᠢᠨ ᠬᠥᠮᠦᠨ ᠨᠢ ᠥᠪᠡᠷ ᠤᠨ ᠳᠤᠷᠠᠳᠤᠭᠰᠠᠨ ᠦᠵᠡᠯᠲᠡ ᠳᠤ ᠪᠡᠨ ᠭᠡᠷᠡᠴᠢ ᠬᠠᠩᠭᠠᠬᠤ ᠡᠭᠦᠷᠭᠡ ᠲᠠᠢ》᠂ ᠵᠢᠴᠢ《 ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠢᠷᠭᠡᠨ ᠤ  ᠬᠡᠷᠡᠭ ᠤᠨ ᠵᠠᠷᠭᠠᠯᠳᠤᠭᠠᠨ ᠤ ᠭᠡᠷᠡᠴᠢ ᠶᠢᠨ ᠲᠤᠬᠠᠢ ᠳᠤᠭᠲᠠᠭᠠᠯ 》 ᠤᠨ ᠬᠣᠶᠠᠳᠤᠭᠠᠷ ᠵᠤᠷᠪᠤᠰ᠂ ᠲᠤᠬᠠᠢ ᠶᠢᠨ ᠬᠥᠮᠦᠨ ᠨᠢ ᠥᠪᠡᠷ ᠤᠨ ᠳᠤᠷᠠᠳᠤᠭᠰᠠᠨ ᠵᠠᠭᠠᠯᠳᠤᠯᠭ᠎ᠠ ᠶᠢᠨ ᠭᠤᠶᠤᠴᠢᠯᠠᠯ ᠳᠤ ᠭᠡᠷᠡᠴᠢᠯᠡᠯ ᠪᠣᠯᠬᠤ ᠪᠣᠳᠠᠲᠤ ᠬᠡᠷᠡᠭ ᠡᠰᠡᠭᠦᠯ᠎ᠡ  ᠡᠰᠡᠷᠭᠦ ᠡᠲᠡᠭᠡᠳ ᠤᠨ ᠵᠠᠭᠠᠯᠳᠤᠯᠭ᠎ᠠ ᠶᠢᠨ ᠭᠤᠶᠤᠴᠢᠯᠠᠯ ᠢ ᠨᠢᠴᠤᠭᠠᠬᠤ ᠪᠠᠷᠢᠮᠲᠠ ᠶᠢᠨ ᠪᠣᠳᠠᠲᠤ ᠬᠡᠷᠡᠭ ᠲᠤ ᠭᠡᠷᠡᠴᠢ ᠬᠠᠩᠭᠠᠨ ᠨᠡᠮᠡᠨ ᠭᠡᠷᠡᠴᠢᠯᠡᠬᠦ ᠡᠭᠦᠷᠭᠡ ᠲᠠᠢ᠃  ᠭᠡᠷᠡᠴᠢ ᠦᠭᠡᠢ ᠡᠰᠡᠭᠦᠯ᠎ᠡ ᠲᠤᠬᠠᠢ ᠶᠢᠨ ᠬᠥᠮᠦᠨ ᠤ ᠪᠤᠳᠠᠳᠤ ᠦᠵᠡᠯᠲᠡ ᠵᠢ ᠭᠡᠷᠡᠴᠢᠯᠡᠵᠦ ᠳᠡᠢᠯᠬᠦ ᠦᠭᠡᠢ ᠪᠣᠯ᠂ ᠭᠡᠷᠡᠴᠢ ᠬᠠᠩᠭᠠᠬᠤ ᠡᠭᠦᠷᠭᠡ ᠲᠠᠢ ᠲᠤᠬᠠᠢ ᠶᠢᠨ ᠬᠥᠮᠦᠨ ᠨᠢ ᠠᠰᠢᠭ ᠦᠭᠡᠢ ᠦᠷ᠎ᠡ ᠳ᠋ᠦᠩ ᠢ ᠡᠭᠦᠷᠭᠡᠯᠡᠨ᠎ᠡ᠃ ᠳᠠᠪᠤᠳᠤᠭᠠᠷ ᠵᠤᠷᠪᠤᠰ᠂ ᠭᠡᠷ᠎ᠡ ᠶᠢᠨ ᠮᠠᠷᠭᠠᠯᠳᠤᠭᠠᠨ ᠤ ᠬᠡᠷᠡᠭ  ᠲᠤ᠂ ᠭᠡᠷ᠎ᠡ ᠶᠢᠨ ᠬᠠᠷᠢᠴᠠᠭ᠎ᠠ ᠵᠢ  ᠪᠠᠢᠭᠤᠯᠵᠤ ᠬᠦᠴᠦᠨ ᠲᠠᠢ ᠪᠣᠯᠭᠠᠭᠰᠠᠨ ᠲᠠᠯ᠎ᠠ ᠶᠢᠨ ᠲᠤᠬᠠᠢ ᠶᠢᠨ ᠬᠥᠮᠦᠨ ᠨᠢ ᠭᠡᠷ᠎ᠡ  ᠪᠠᠢᠭᠤᠯᠬᠤ ᠪᠠ ᠬᠦᠴᠦᠨ ᠲᠠᠢ ᠪᠣᠯᠭᠠᠬᠤ  ᠪᠣᠳᠠᠲᠤ ᠪᠠᠢᠳᠠᠯ ᠳᠤ ᠭᠡᠷᠡᠴᠢ ᠬᠠᠩᠭᠠᠬᠤ ᠡᠭᠦᠷᠭᠡ ᠲᠠᠢ᠃ ᠵᠠᠭᠠᠯᠳᠤᠭᠴᠢ ᠨᠢ ᠭᠣᠣᠯ ᠲᠠᠯ᠎ᠠ ᠵᠠᠭᠠᠯᠳᠤᠭᠳᠠᠭᠴᠢ ᠨᠢ  ᠪᠠᠲᠤᠯᠠᠭ᠎ᠠ ᠶᠢᠨ ᠬᠠᠷᠢᠭᠤᠴᠠᠯᠭ᠎ᠠ ᠵᠢ ᠡᠭᠦᠷᠭᠡᠯᠡᠬᠦ ᠲᠠᠯ᠎ᠠ᠂ ᠪᠠᠲᠤᠯᠠᠭ᠎ᠠ ᠶᠢᠨ ᠬᠠᠷᠢᠴᠠᠭ᠎ᠠ ᠪᠠᠢᠭᠤᠯᠤᠭᠳᠠᠬᠤ  ᠵᠢᠴᠢ ᠬᠦᠴᠦᠨ ᠲᠠᠢ ᠪᠣᠯᠬᠤ ᠳᠤ ᠭᠡᠷᠡᠴᠢ ᠬᠠᠩᠭᠠᠬᠤ ᠬᠠᠷᠢᠭᠤᠴᠠᠯᠭ᠎ᠠ ᠲᠠᠢ᠂ ᠵᠠᠭᠠᠯᠳᠤᠭᠳᠠᠭᠴᠢ ᠡᠴᠡ ᠵᠠᠭᠠᠯᠳᠤᠭᠴᠢ ᠶᠢᠨ ᠬᠠᠩᠭᠠᠭᠰᠠᠨ ᠭᠡᠷᠡᠴᠢ ᠶᠢᠨ ᠦᠨᠡᠨ ᠴᠢᠨᠠᠷ  ᠲᠤ ᠮᠠᠳᠠᠭ ᠲᠠᠢ ᠪᠣᠯ ᠭᠡᠷᠡᠴᠢ ᠨᠢ ᠭᠦᠢᠴᠡᠳ ᠪᠤᠰᠤ ᠵᠢ ᠬᠠᠷᠠᠭᠤᠯᠵᠤ ᠪᠠᠢᠨ᠎ᠠ᠃ ᠵᠠᠭᠠᠯᠳᠤᠭᠴᠢ ᠡᠴᠡ ᠡᠷᠬᠡᠪᠢᠰᠢ ᠤᠯᠠᠮ ᠨᠢᠭᠡ ᠠᠯᠬᠤᠮ ᠭᠡᠷᠡᠴᠢ ᠳᠤᠷᠠᠳᠴᠤ ᠲᠤᠰ ᠭᠡᠷᠡᠴᠢ ᠶᠢᠨ ᠦᠨᠡᠨ ᠮᠥᠨ ᠢ ᠭᠡᠷᠡᠴᠢᠯᠡᠵᠦ᠂ ᠳᠠᠷᠤᠢ ᠭᠠᠷ ᠤᠨ ᠲᠢᠭ  ᠢ ᠰᠢᠯᠭᠠᠨ ᠨᠤᠲᠤᠯᠠᠬᠤ ᠭᠤᠶᠤᠴᠢᠯᠠᠯ ᠭᠠᠷᠭᠠᠨ᠎ᠠ᠃

     ᠣᠨᠳᠣᠣ ᠨᠢᠭᠡ ᠦᠵᠡᠯᠲᠡ ᠶᠢᠨ ᠦᠵᠡᠬᠦ ᠪᠡᠷ᠂ ᠵᠠᠭᠠᠯᠳᠤᠭᠳᠠᠭᠴᠢ ᠡᠴᠡ ᠨᠢᠭᠡᠨᠲᠡ ᠥᠪᠡᠷ ᠢᠶᠡᠨ ᠵᠢᠭᠡᠯᠡᠯᠭᠡ ᠶᠢᠨ ᠪᠠᠷᠢᠮᠲᠠ ᠳᠡᠭᠡᠷ᠎ᠡ ᠭᠠᠷ ᠤᠨ ᠦᠰᠦᠭ ᠵᠢᠷᠤᠭᠰᠠᠨ ᠦᠭᠡᠢ ᠭᠡᠵᠦ ᠦᠭᠡᠢᠰᠭᠡᠵᠦ᠂ ᠰᠢᠨ᠎ᠡ ᠭᠣᠣᠯ ᠦᠵᠡᠯᠲᠡ ᠳᠤᠷᠠᠳᠤᠭᠰᠠᠨ ᠳᠤ ᠣᠷᠤᠵᠤ  ᠳᠠᠷᠤᠢ ᠬᠠᠷᠢᠴᠠᠭ᠎ᠠ ᠤᠷᠤᠰᠢᠬᠤ ᠦᠭᠡᠢ᠂ ᠡᠢᠮᠦ ᠡᠴᠡ ᠬᠠᠮᠢᠶ᠎ᠠ ᠲᠠᠢ ᠭᠡᠷᠡᠴᠢ ᠬᠠᠩᠭᠠᠵᠤ ᠭᠡᠷᠡᠴᠢᠯᠡᠬᠦ ᠬᠡᠷᠡᠭᠲᠠᠢ᠃《 ᠭᠡᠷᠡᠴᠢ ᠶᠢᠨ ᠳᠤᠭᠲᠠᠭᠠᠯ》 ᠤᠨ ᠳᠠᠯᠠᠳᠤᠭᠠᠷ ᠵᠤᠷᠪᠤᠰ ᠢ ᠦᠨᠳᠦᠰᠦᠯᠡᠪᠡᠯ᠂ ᠨᠢᠭᠡ ᠲᠠᠯ᠎ᠠ ᠶᠢᠨ ᠲᠤᠬᠠᠢ ᠶᠢᠨ ᠬᠥᠮᠦᠨ ᠨᠢ ᠳᠣᠣᠷᠠᠬᠢ ᠭᠡᠷᠡᠴᠢ ᠵᠢ ᠳᠤᠷᠠᠳᠴᠤ᠂ ᠡᠰᠡᠷᠭᠦ ᠡᠲᠡᠭᠡᠳ ᠤᠨ ᠲᠤᠬᠠᠢ ᠬᠥᠮᠦᠨ ᠨᠢ ᠣᠨᠳᠣᠣ ᠰᠠᠨᠠᠯ ᠲᠠᠢ ᠭᠡᠪᠡᠴᠦ ᠭᠦᠢᠴᠡᠳ ᠨᠢᠴᠤᠭᠠᠬᠤ ᠭᠡᠷᠡᠴᠢ ᠦᠭᠡᠢ ᠪᠣᠯᠬᠤ᠂ ᠠᠷᠠᠳ ᠤᠨ ᠰᠢᠭᠦᠬᠦ ᠬᠣᠷᠢᠶᠠᠨ ᠡᠴᠡ ᠲᠡᠭᠦᠨ ᠤ ᠭᠡᠷᠡᠴᠢᠯᠡᠬᠦ ᠬᠦᠴᠦᠨ ᠢ ᠨᠤᠲᠤᠯᠠᠬᠤ ᠬᠡᠷᠡᠭᠲᠠᠢ᠄( ᠨᠢᠭᠡ) ᠪᠢᠴᠢᠭ᠌  ᠤᠨ ᠭᠡᠷᠡᠴᠢ ᠶᠢᠨ ᠤᠤᠯ ᠮᠠᠲ᠋ᠧᠷᠢᠶᠠᠯ ᠡᠰᠡᠭᠦᠯ᠎ᠡ ᠭᠡᠷᠡᠴᠢ ᠪᠢᠴᠢᠭ᠌ ᠤᠨ ᠤᠤᠯ ᠬᠡᠪ ᠲᠠᠢ ᠬᠠᠷᠭᠠᠭᠤᠯᠠᠭᠠᠳ ᠵᠥᠷᠢᠶ᠎ᠡ ᠦᠭᠡᠢ ᠬᠠᠭᠤᠯᠪᠤᠷᠢ᠂ ᠰᠡᠭᠦᠳᠡᠷ᠂  ᠬᠠᠪᠰᠤᠷᠤᠮᠠᠯ ᠳᠡᠪᠲᠡᠷ᠂ ᠲᠤᠪᠴᠢᠯᠠᠮᠠᠯ ᠳᠡᠪᠲᠡᠷ᠃ ᠳᠠᠯᠠᠨ ᠬᠣᠶᠠᠳᠤᠭᠠᠷ ᠵᠤᠷᠪᠤᠰ᠂ ᠨᠢᠭᠡ ᠲᠠᠯ᠎ᠠ ᠶᠢᠨ ᠲᠤᠬᠠᠢ ᠶᠢᠨ ᠬᠥᠮᠦᠨ ᠤ ᠳᠤᠷᠠᠳᠤᠭᠰᠠᠨ ᠭᠡᠷᠡᠴᠢ ᠳ᠋ᠤ᠂  ᠨᠥᠭᠥᠭᠡ  ᠨᠢᠭᠡ ᠡᠲᠡᠭᠡᠳ ᠶᠢᠨ  ᠲᠤᠬᠠᠢ ᠶᠢᠨ ᠬᠥᠮᠦᠨ ᠵᠥᠪᠰᠢᠶᠡᠷᠡᠭᠰᠡᠨ ᠡᠰᠡᠭᠦᠯ᠎ᠡ ᠳᠤᠷᠠᠳᠤᠭᠰᠠᠨ ᠡᠰᠡᠷᠭᠦ ᠭᠡᠷᠡᠴᠢ ᠨᠢ ᠨᠢᠴᠤᠭᠠᠵᠤ ᠳᠡᠢᠯᠬᠦ ᠦᠭᠡᠢ ᠪᠣᠯ᠂ ᠰᠢᠭᠦᠬᠦ ᠬᠣᠷᠢᠶᠠᠨ ᠡᠴᠡ ᠲᠡᠭᠦᠨ ᠤ ᠭᠡᠷᠡᠴᠢᠯᠡᠬᠦ ᠬᠦᠴᠦᠨ ᠢ ᠨᠤᠳᠠᠯᠠᠵᠤ ᠪᠣᠯᠤᠨ᠎ᠠ᠃ ᠵᠠᠭᠠᠯᠳᠤᠭᠴᠢ ᠡᠴᠡ ᠨᠢᠭᠡᠨᠲᠡ ᠵᠢᠭᠡᠯᠡᠯᠭᠡ ᠶᠢᠨ ᠤᠤᠯ ᠮᠠᠲ᠋ᠧᠷᠢᠶᠠᠯ ᠢ ᠬᠠᠩᠭᠠᠵᠤ᠂ ᠨᠢᠭᠡᠨᠲᠡ ᠥᠪᠡᠷ ᠤᠨ ᠭᠡᠷᠡᠴᠢ ᠬᠠᠩᠭᠠᠬᠤ ᠡᠭᠦᠷᠭᠡ  ᠪᠡᠨ ᠭᠦᠢᠴᠡᠳᠭᠡᠪᠡ᠂ ᠵᠠᠭᠠᠯᠳᠤᠭᠳᠠᠭᠴᠢ ᠡᠴᠡ ᠡᠰᠡᠷᠭᠦ ᠡᠲᠡᠭᠡᠳ ᠤᠨ ᠵᠠᠭᠠᠯᠳᠤᠯᠭ᠎ᠠ ᠶᠢᠨ ᠭᠤᠶᠤᠴᠢᠯᠠᠯ ᠢ ᠨᠢᠴᠤᠭᠠᠬᠤ ᠪᠠᠷᠢᠮᠲᠠ  ᠪᠡᠨ ᠬᠠᠩᠭᠠᠬᠤ ᠬᠡᠷᠡᠭᠲᠠᠢ᠂ ᠡᠰᠡ ᠲᠡᠭᠡᠪᠡᠯ ᠵᠢᠭᠡᠯᠡᠯᠭᠡ ᠶᠢᠨ ᠪᠠᠷᠢᠮᠲᠠ  ᠶᠢᠨ ᠬᠦᠴᠦᠨ ᠲᠠᠢ ᠵᠢ ᠬᠦᠯᠢᠶᠡᠬᠦ ᠬᠡᠷᠡᠭᠲᠠᠢ᠂ ᠡᠢᠮᠦ ᠡᠴᠡ ᠵᠠᠭᠠᠯᠳᠤᠭᠳᠠᠭᠴᠢ ᠡᠴᠡ ᠭᠠᠷ ᠤᠨ ᠲᠢᠭ ᠢ ᠰᠢᠯᠭᠠᠬᠤ ᠭᠤᠶᠤᠴᠢᠯᠠᠯ ᠭᠠᠷᠭᠠᠬᠤ ᠬᠡᠷᠡᠭᠲᠠᠢ᠃

【ᠵᠠᠳᠠᠯᠤᠯᠲᠠ】

     ᠭᠠᠷ ᠤᠨ ᠲᠢᠭ ᠢ ᠰᠢᠯᠭᠠᠬᠤ ᠭᠤᠶᠤᠴᠢᠯᠠᠯ ᠢ ᠬᠡᠨ ᠡᠴᠡ ᠭᠠᠷᠭᠠᠬᠤ᠂ ᠭᠡᠷᠡᠴᠢ ᠬᠠᠩᠭᠠᠬᠤ ᠡᠭᠦᠷᠭᠡ ᠶᠢᠨ ᠭᠤᠶᠤᠴᠢᠯᠠᠯ᠂ ᠪᠤᠲᠠᠲᠠᠢ ᠪᠡᠷ ᠬᠡᠯᠡᠪᠡᠯ ᠢᠷᠭᠡᠨ ᠤ ᠬᠡᠷᠡᠭ ᠤᠨ ᠲᠤ ᠲᠤᠬᠠᠢ ᠶᠢᠨ ᠬᠥᠮᠦᠨ ᠨᠢ ᠬᠡᠷᠡᠭ ᠤᠨ ᠳᠤᠮᠳᠠ ᠠᠯᠢ ᠪᠣᠳᠠᠲᠤ ᠤᠴᠢᠷ ᠳᠤ ᠡᠵᠡᠨ ᠮᠡᠳᠡᠭᠰᠡᠨ ᠪᠣᠯ᠂ ᠲᠡᠭᠦᠨ ᠳᠤ ᠪᠡᠨ ᠬᠠᠷᠠᠭᠠᠯᠵᠠᠭᠰᠠᠨ ᠭᠡᠷᠡᠴᠢ ᠬᠠᠩᠭᠠᠬᠤ ᠬᠡᠷᠡᠭᠲᠠᠢ᠃

     ᠬᠡᠷᠡᠭ ᠲᠤ ᠵᠣᠬᠢᠶᠠᠭᠴᠢ ᠡᠴᠡ ᠨᠢᠭᠡᠳᠦᠭᠡᠷ ᠦᠵᠡᠯᠲᠡ ᠵᠢ ᠵᠥᠪᠰᠢᠶᠡᠷᠡᠨ᠎ᠠ᠂ ᠳᠠᠷᠤᠢ ᠵᠠᠭᠠᠯᠳᠤᠭᠴᠢ ᠡᠴᠡ ᠭᠠᠷ ᠤᠨ ᠲᠢᠭ ᠰᠢᠯᠭᠠᠬᠤ ᠭᠤᠶᠤᠴᠢᠯᠠᠯ ᠭᠠᠷᠭᠠᠨ᠎ᠠ᠂ ᠤᠴᠢᠷ ᠨᠢ ᠵᠠᠭᠠᠯᠳᠤᠭᠴᠢ ᠡᠴᠡ ᠪᠠᠷᠢᠮᠲᠠᠯᠠᠵᠤ ᠪᠠᠢᠭ᠎ᠠ ᠪᠣᠳᠠᠲᠤ ᠤᠴᠢᠷ ᠲᠤ ᠪᠡᠨ ᠭᠡᠷᠡᠴᠢ ᠬᠠᠩᠭᠠᠨ ᠦᠨᠡᠨ ᠮᠥᠨ ᠢ ᠨᠢ ᠭᠡᠷᠡᠴᠢᠯᠡᠬᠦ ᠡᠭᠦᠷᠭᠡ ᠲᠠᠢ᠂ ᠵᠠᠭᠠᠯᠳᠤᠭᠳᠠᠭᠴᠢ ᠡᠴᠡ ᠭᠡᠷ᠎ᠡ ᠳᠡᠭᠡᠷ᠎ᠡ ᠭᠠᠷ ᠤᠨ ᠵᠢᠷᠤᠭᠰᠠᠨ ᠪᠡᠨ ᠦᠭᠡᠢᠰᠭᠡᠵᠦ ᠪᠠᠢᠭ᠎ᠠ ᠪᠠᠢᠳᠠᠯ ᠳᠣᠣᠷ᠎ᠠ᠂ ᠵᠠᠭᠠᠯᠳᠤᠭᠴᠢ ᠡᠴᠡ ᠦᠷᠭᠦᠯᠵᠢᠯᠡᠨ ᠭᠡᠷᠡᠴᠢ ᠬᠠᠩᠭᠠᠵᠤ᠂ ᠡᠭᠦᠨ ᠤ ᠵᠡᠷᠭᠡᠪᠡᠷ ᠵᠠᠭᠠᠯᠳᠤᠭᠳᠠᠭᠴᠢ ᠴᠤ ᠵᠠᠭᠠᠯᠳᠤᠭᠴᠢ  ᠲᠠᠢ ᠬᠠᠮᠵᠢᠯᠴᠠᠨ ᠢᠳᠡᠪᠬᠢᠲᠠᠢ  ᠭᠡᠷᠡᠴᠢ ᠬᠠᠩᠭᠠᠵᠤ᠂ ᠡᠰᠡ ᠲᠡᠭᠡᠪᠡᠯ ᠲᠡᠭᠦᠨ ᠳᠤ ᠠᠰᠢᠭ ᠦᠭᠡᠢ ᠦᠷ᠎ᠡ ᠳ᠋ᠦᠩ ᠢ ᠡᠭᠦᠷᠭᠡᠯᠡᠵᠦ᠂ ᠠᠷᠠᠳ ᠤᠨ  ᠰᠢᠭᠦᠬᠦ ᠬᠣᠷᠢᠶᠠᠨ ᠡᠴᠡ 《 ᠭᠡᠷᠡᠴᠢ ᠶᠢᠨ ᠳᠤᠭᠲᠠᠭᠠᠯ》 ᠤᠨ ᠳᠠᠯᠠᠨ ᠲᠠᠪᠤᠳᠤᠭᠠᠷ ᠵᠤᠷᠪᠤᠰ ᠢ ᠦᠨᠳᠦᠰᠦᠯᠡᠪᠡᠯ《 ᠨᠢᠭᠡ ᠡᠲᠡᠭᠡᠳ ᠤᠨ ᠲᠤᠬᠠᠢ ᠶᠢᠨ ᠬᠥᠮᠦᠨ ᠨᠢ ᠭᠡᠷᠡᠴᠢ ᠪᠠᠢᠭᠠᠳ ᠵᠦᠢ ᠶᠣᠰᠤᠨ ᠤ ᠪᠤᠰᠤ ᠰᠢᠯᠲᠠᠭᠠᠨ ᠢᠶᠡᠷ ᠬᠠᠩᠭᠠᠬᠤ ᠦᠭᠡᠢ  ᠪᠠᠢᠵᠤ᠂  ᠬᠡᠷᠪᠡ ᠡᠰᠡᠷᠭᠦ ᠡᠲᠡᠭᠡᠳ ᠤᠨ ᠲᠤᠬᠠᠢ ᠶᠢᠨ ᠬᠥᠮᠦᠨ ᠤ ᠡᠵᠡᠨ ᠮᠡᠳᠡᠵᠦ ᠲᠤᠰ ᠭᠡᠷᠡᠴᠢ ᠨᠢ ᠭᠡᠷᠡᠴᠢ ᠪᠠᠢᠭ᠎ᠠ ᠬᠥᠮᠦᠨ ᠳᠤ ᠠᠰᠢᠭ ᠦᠭᠡᠢ ᠭᠡᠪᠡᠯ᠂ ᠲᠤᠰ ᠡᠵᠡᠨ ᠮᠡᠳᠡᠬᠦ ᠦᠵᠡᠯᠲᠡ ᠪᠡᠶᠡᠯᠡᠭᠳᠡᠬᠦ ᠵᠢ ᠮᠥᠷᠳᠡᠨ ᠳᠤᠭᠲᠠᠭᠠᠵᠤ ᠪᠣᠯᠤᠨ᠎ᠠ᠃》

    ᠪᠣᠳᠠᠲᠠᠢ ᠬᠡᠷᠡᠭ ᠢ ᠰᠢᠢᠳᠪᠦᠷᠢᠯᠡᠬᠦ ᠳᠤ᠂ ᠰᠢᠭᠦᠬᠦ ᠬᠣᠷᠢᠶᠠᠨ ᠡᠴᠡ ᠬᠡᠷᠡᠭ ᠤᠨ ᠪᠣᠳᠠᠲᠤ ᠪᠠᠢᠳᠠᠯ ᠢ ᠦᠨᠳᠦᠰᠦᠯᠡᠨ᠂ ᠡᠷᠬᠡ ᠳᠡᠭᠰᠢ ᠵᠠᠷᠴᠢᠮ ᠢ ᠪᠠᠷᠢᠮᠲᠠᠯᠠᠨ ᠲᠤᠬᠠᠢ ᠶᠢᠨ ᠬᠥᠮᠦᠨ ᠤ ᠭᠡᠷᠡᠴᠢ ᠬᠠᠩᠭᠠᠬᠤ ᠴᠢᠳᠠᠯ  ᠲᠠᠢ ᠤᠶᠠᠯᠳᠤᠭᠤᠯᠤᠨ ᠬᠡᠨ ᠨᠢ ᠰᠢᠯᠭᠠᠨ ᠳᠤᠭᠲᠠᠭᠠᠬᠤ ᠨᠢ ᠡᠷᠡᠮᠵᠢᠯᠡᠬᠦ ᠵᠢ ᠳᠤᠭᠲᠠᠭᠠᠨ᠎ᠠ᠃《 ᠭᠡᠷᠡᠴᠢ ᠶᠢᠨ ᠳᠤᠭᠲᠠᠭᠠᠯ》 ᠤᠨ ᠳᠣᠯᠤᠳᠤᠭᠠᠷ  ᠵᠤᠷᠪᠤᠰ ᠲᠤ ᠲᠣᠳᠤᠷᠬᠠᠢᠯᠠᠭᠰᠠᠨ  ᠨᠢ᠄ ᠬᠠᠤᠯᠢ ᠴᠠᠭᠠᠵᠠ ᠳᠤ ᠪᠤᠲᠠᠳᠠᠢ ᠳᠤᠭᠲᠠᠭᠠᠯ ᠦᠭᠡᠢ᠂ ᠲᠤᠰ ᠳᠤᠭᠲᠠᠭᠠᠯ ᠪᠠ ᠪᠤᠰᠤᠳ ᠬᠠᠤᠯᠢ ᠬᠡᠷᠡᠭᠵᠢᠭᠦᠯᠦᠯᠲᠡ ᠶᠢᠨ ᠲᠠᠢᠯᠤᠮᠵᠢ ᠢ ᠦᠨᠳᠦᠰᠦᠯᠡᠨ ᠴᠣᠬᠤᠮ ᠬᠡᠨ ᠨᠢ ᠰᠢᠯᠭᠠᠨ ᠨᠤᠲᠤᠯᠠᠬᠤ ᠭᠤᠶᠤᠴᠢᠯᠠᠯ ᠭᠠᠷᠭᠠᠬᠤ ᠡᠭᠦᠷᠭᠡ ᠲᠠᠢ  ᠵᠢ ᠳᠤᠭᠲᠠᠭᠠᠵᠤ ᠳᠡᠢᠯᠬᠦ ᠦᠭᠡᠢ ᠦᠶᠡᠰ᠂ ᠠᠷᠠᠳ ᠤᠨ ᠰᠢᠭᠦᠬᠦ ᠬᠣᠷᠢᠶᠠᠨ ᠡᠴᠡ ᠡᠷᠬᠡ ᠳᠡᠭᠰᠢ ᠵᠠᠷᠴᠢᠮ ᠪᠠ ᠦᠨᠡᠨᠴᠢ ᠢᠲᠡᠭᠡᠮᠵᠢᠲᠠᠢ ᠵᠠᠷᠴᠢᠮ ᠢ ᠦᠨᠳᠦᠰᠦᠯᠡᠨ᠂ ᠲᠤᠬᠠᠢ ᠶᠢᠨ ᠬᠥᠮᠦᠨ ᠤ ᠭᠡᠷᠡᠴᠢ ᠳᠤᠷᠠᠳᠬᠤ ᠴᠢᠳᠠᠯ  ᠵᠡᠷᠭᠡ ᠵᠢ ᠶᠡᠷᠦᠩᠬᠡᠢᠯᠡᠨ ᠭᠡᠷᠡᠴᠢ ᠳᠤᠷᠠᠳᠬᠤ ᠡᠭᠦᠷᠭᠡ ᠵᠢ ᠳᠤᠭᠲᠠᠭᠠᠵᠤ ᠪᠣᠯᠤᠨ᠎ᠠ᠃ ᠶᠡᠷᠦᠩᠬᠡᠢᠯᠡᠪᠡᠯ ᠵᠦᠢ ᠶᠣᠰᠤᠨ ᠤ ᠭᠡᠷᠡᠴᠢ ᠳᠤᠷᠠᠳᠬᠤ ᠡᠭᠦᠷᠭᠡ ᠵᠢ ᠬᠤᠪᠢᠶᠠᠷᠢᠯᠠᠬᠤ ᠨᠢ ᠲᠤᠬᠠᠢ ᠶᠢᠨ ᠬᠥᠮᠦᠨ ᠤ ᠬᠠᠤᠯᠢ ᠶᠣᠰᠤᠨ ᠤ ᠡᠷᠬᠡ ᠠᠰᠢᠭ ᠢ ᠵᠣᠬᠢᠰᠲᠠᠢ ᠬᠠᠮᠠᠭᠠᠯᠠᠨ ᠴᠢᠳᠠᠵᠤ᠂ ᠬᠠᠤᠯᠢ ᠵᠥᠷᠢᠴᠡᠭᠴᠢ ᠶᠢᠨ ᠥᠷᠲᠡᠭ ᠢ  ᠨᠡᠮᠡᠭᠳᠡᠭᠦᠯᠡᠨ᠂ ᠬᠠᠤᠯᠢ ᠴᠠᠭᠠᠵᠠ ᠶᠢᠨ ᠲᠥᠪ ᠭᠣᠣᠯᠴᠢ ᠪᠠ ᠡᠷᠬᠡ ᠰᠦᠷ  ᠢ ᠨᠡᠩ ᠰᠠᠢᠨ ᠬᠠᠮᠠᠭᠠᠯᠠᠵᠤ ᠳᠡᠢᠯᠦᠨ᠎ᠡ᠃

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )